ᠣᠯᠣᠰ ᠤᠨ AA ᠳᠡᠰ ᠤᠨ ᠵᠢᠭᠤᠯᠴᠢᠯᠠᠯ ᠤᠨ ᠦᠵᠡᠮᠵᠢᠲᠦ ᠣᠷᠣᠨ᠂ ᠡᠸ᠋ᠨᠩᠬᠢ ᠬᠤᠰᠢᠭᠤᠨ ᠤ ᠵᠡᠬᠦᠨ ᠬᠤᠶᠢᠳᠣ ᠬᠡᠰᠡᠭ ᠲᠠᠬᠢ ᠪᠠᠶᠠᠨᠴᠠᠭᠠᠨ ᠰᠣᠮᠣ ᠶᠢᠨ | ᠬᠢᠯᠢ ᠳᠣᠳᠣᠷ᠎ᠠ ᠪᠠᠶᠢᠷᠢᠯᠠᠵᠣ᠂ ᠵᠢᠭᠤᠯᠴᠢᠯᠠᠯ ᠤᠨ ᠣᠷᠣᠨ ᠳᠣᠳᠣᠷ᠎ᠠ ᠨᠢ ᠰᠢᠯᠢᠳᠡᠭ ᠴᠢᠨᠠᠷ ᠴᠢᠨᠰᠠᠭ᠎ᠠ ᠪᠦᠬᠦᠢ ᠲᠠᠪᠣᠨ ᠷᠠᠰᠢᠶᠠᠨ ᠪᠣᠯᠠᠭ ᠪᠠᠶᠢᠳᠠᠭ ᠠᠴᠠ ᠨᠡᠷ᠎ᠡ | ᠠᠯᠳᠠᠷᠰᠢᠵᠣ᠂ ᠦᠵᠡᠮᠵᠢᠲᠦ ᠣᠷᠣᠨ ᠳᠣᠳᠣᠷᠠᠬᠢ ᠦ᠋ ᠴᠢᠣᠸᠠᠨ ᠱᠠᠨ᠂ ᠣᠪᠣᠭ᠎ᠠ ᠠᠭᠤᠯᠠ᠂ ᠳ᠋ᠠ ᠫᠧᠩ ᠱᠠᠨ ᠵᠡᠷᠭᠡ ᠠᠭᠤᠯᠠᠰ ᠳᠠᠪᠬᠤᠷᠯᠠᠨ ᠬᠠᠷᠠᠭᠳᠠᠬᠤ ᠰᠦᠷᠯᠢᠭ | ᠦᠵᠡᠮᠵᠢ ᠶᠢ ᠪᠦᠷᠢᠳᠦᠭᠦᠯᠵᠡᠢ᠃ ᠲᠠᠪᠣᠨ ᠲᠣᠩᠭᠠᠯᠠᠭ ᠷᠠᠰᠢᠶᠠᠨ ᠪᠣᠯᠠᠭ ᠡᠳᠦᠷᠵᠢᠨ ᠰᠦᠨᠢᠵᠢᠨ ᠣᠷᠬᠢᠯᠣᠨ ᠪᠣᠷᠬᠢᠯᠣᠵᠣ᠂ ᠡᠪᠦᠯ ᠳᠣᠯᠠᠭᠠᠨ ᠵᠣᠨ ᠰᠡᠷᠢᠬᠦᠨ᠂ | ᠣᠣᠭᠤᠵᠣ ᠢᠳᠡᠬᠦ ᠣᠬᠢᠶᠠᠬᠤ ᠨᠦᠬᠦᠴᠡᠯ ᠪᠦᠷᠢᠳᠪᠡ᠃ ᠦᠵᠡᠮᠵᠢᠲᠦ ᠣᠷᠣᠨ ᠳᠣᠲᠣᠷ᠎ᠠ ᠢᠬᠴᠢ ᠰᠠᠬᠤᠯᠠᠭ ᠨᠠᠷᠠᠰᠣᠨ ᠣᠢ ᠲᠠᠢ᠂ ᠠᠭᠤᠯᠠ ᠨᠢᠷᠣᠭᠤ ᠨᠠᠭᠤᠷ | ᠴᠦᠬᠦᠷᠦᠮ ᠨᠢ ᠬᠠᠷᠢᠯᠴᠠᠨ ᠠᠭᠤᠰᠣᠯᠴᠠᠭᠠᠳ᠂ ᠭᠤᠶᠢᠳᠠ ᠰᠠᠶᠢᠬᠠᠨ ᠦᠩᠭᠡ ᠦᠵᠡᠮᠵᠢ ᠶᠢ ᠪᠦᠷᠢᠯᠳᠦᠭᠦᠯᠵᠦ᠂ ᠣᠨᠴᠠᠭᠠᠶᠢᠯᠠᠨ ᠡᠯᠳᠡᠪ ᠶᠠᠩᠵᠣ ᠶᠢᠨ ᠳᠦᠷᠰᠦ | ᠬᠡᠯᠪᠡᠷᠢ ᠲᠠᠢ ᠵᠢᠭᠠᠷᠳᠣ ᠨᠠᠷᠠᠰᠣ ᠨᠢ ᠰᠠᠯᠠᠭ᠎ᠠ ᠨᠠᠮᠠᠭ᠎ᠠ ᠨᠢ ᠢᠬᠴᠣᠷᠣᠬᠰᠠᠨ ᠣᠨᠴᠠ ᠶᠢᠨ ᠦᠵᠡᠮᠵᠢ ᠪᠠᠷ ᠢᠶᠠᠨ ᠬᠦᠮᠦᠰ ᠤᠨ ᠣᠷᠮ᠎ᠠ ᠶᠢ ᠳᠠᠳᠠᠵᠣ ᠰᠡᠳᠬᠢᠯ ᠰᠠᠨᠠᠭ᠎ᠠ | ᠶᠢ ᠨᠢ ᠰᠣᠨᠳᠣᠷᠠᠭᠤᠯᠣᠨᠠ ᠠᠵᠢ᠂ ᠮᠣᠳᠣᠨ ᠤ ᠰᠠᠯᠠᠭ᠎ᠠ ᠨᠠᠮᠠᠭ᠎ᠠ ᠨᠢ ᠢᠬᠴᠢ ᠰᠠᠬᠤᠯᠠᠭ ᠪᠠᠶᠢᠵᠣ᠂ ᠣᠨᠴᠠᠭᠠᠢ ᠲᠦᠷᠰᠦ ᠪᠠᠶᠢᠳᠠᠯ ᠲᠠᠢ ᠪᠣᠯᠬᠤᠷ ᠬᠦᠮᠦᠰ ᠢ ᠳᠠᠭᠤᠨ | ᠠᠯᠳᠠᠭᠤᠯᠣᠮᠠ ᠁ ᠵᠣᠨ ᠤ ᠣᠯᠠᠷᠢᠯ ᠤᠨ ᠵᠢᠭᠤᠯᠴᠢᠯᠠᠯ ᠤᠨ ᠦᠢᠯᠡᠰ ᠨᠢ ᠢᠳᠡᠭᠡᠨ ᠣᠮᠳᠠᠭᠠᠨ᠂ ᠵᠤᠭ᠎ᠠ ᠴᠡᠩᠭᠡᠯ᠂ ᠦᠵᠡᠵᠦ ᠰᠣᠨᠢᠷᠬᠠᠬᠤ ᠪᠠᠷ ᠭᠤᠣᠯ | ᠪᠣᠯᠭᠠᠵᠣ᠂ ᠷᠠᠰᠢᠶᠠᠨ ᠪᠣᠯᠠᠭ ᠤᠨ ᠳᠡᠷᠭᠡᠳᠡ ᠬᠦᠭᠵᠢᠮᠲᠦ ᠬᠤᠭᠤᠯᠠᠨ ᠲᠢᠩᠬᠢᠮ᠂ ᠡᠸᠥ᠋ᠷᠦᠫᠡ ᠮᠠᠶ᠋ᠢᠭ ᠤᠨ ᠠᠮᠠᠷᠠᠯᠲᠠ ᠶᠢᠨ ᠭᠠᠵᠠᠷ ᠵᠡᠷᠭᠡ ᠪᠠᠶᠢᠳᠠᠭ᠃ ᠵᠢᠭᠤᠯᠴᠢᠯᠠᠯ | ᠤᠨ ᠲᠦᠷᠦᠯ ᠵᠦᠢᠯ ᠳᠤᠨᠢ ᠠᠮᠢᠳᠠᠨ ᠭᠤᠣᠯᠳᠠᠨ ᠢ ᠦᠵᠡᠵᠦ ᠰᠣᠨᠢᠷᠬᠠᠬᠤ᠂ ᠭᠤᠣᠯ ᠳᠤ ᠵᠢᠭᠠᠰᠣ ᠬᠦᠬᠢᠳᠡᠬᠦ᠂ ᠮᠣᠲ᠋ᠣᠷᠳᠣ ᠵᠠᠪᠢ ᠪᠠᠷ ᠵᠣᠭᠠᠴᠠᠨ ᠰᠡᠷᠢᠭᠦᠴᠡᠬᠦ᠂ | ᠨᠠᠷᠠᠰᠣᠨ ᠣᠢ ᠶᠢᠨ ᠦᠵᠡᠮᠵᠢ ᠶᠢ ᠲᠣᠭᠤᠷᠢᠨ ᠦᠵᠡᠬᠦ ᠵᠡᠷᠭᠡ ᠪᠣᠢ᠃ | | |