ᠴᠧᠨ ᠭᠤᠸᠠᠩ ᠠᠮᠢ ᠠᠬᠤᠢ ᠶᠢᠨ ᠬᠦᠷᠢᠶᠠᠯᠠᠩ
ᠨᠡᠶᠢᠲᠡᠯᠡᠭᠰᠡᠨ ᠴᠠᠭ᠄
2025/4/23
    ᠤᠯᠤᠰ ᠤᠨ AA ᠲᠠᠰ ᠤᠨ ᠵᠤᠭᠠᠴᠠᠯ ᠤᠨ ᠦᠵᠡᠮᠵᠢ ᠶᠢᠨ ᠤᠷᠤᠨ ᠪᠤᠯᠤᠨ᠎ᠠ᠃ ᠡᠸ᠋ᠨᠩᠬᠢ ᠬᠤᠰᠢᠭᠤᠨ ᠤ ᠢᠮᠢᠨ ᠭᠤᠤᠯ ᠤᠨ ᠡᠷᠬᠢ ᠶᠢᠨ ᠰᠠᠨ ᠳ᠋ᠤᠤ ᠸᠠᠨ ᠤᠰᠤᠨ ᠤ ᠴᠠᠷᠠᠭ᠎ᠠ ᠳᠤ ᠪᠠᠶᠢᠷᠢᠯᠠᠵᠦ᠂ ᠭᠤᠷᠪᠠᠨ ᠲᠠᠯ᠎ᠠ ᠪᠠᠷ ᠢᠶᠠᠨ ᠤᠰᠤ ᠲᠠᠢ᠂ ᠲᠦᠷᠪᠡᠨ ᠲᠠᠯ᠎ᠠ ᠪᠠᠷ ᠢᠶᠠᠨ ᠪᠤᠳᠠ ᠮᠤᠳᠤ ᠲᠠᠢ ᠪᠠᠶᠢᠵᠦ᠂ ᠵᠤᠨ ᠤ ᠤᠯᠠᠷᠢᠯ ᠳᠤ ᠴᠡᠴᠡᠭ ᠬᠤᠸᠠᠷ ᠲᠡᠯᠭᠡᠷᠠᠨ ᠪᠤᠯᠵᠤᠤᠮᠤᠷ ᠰᠢᠪᠠᠭᠤ ᠵᠢᠷᠬᠢᠨ ᠲᠤᠩᠭᠤᠳᠴᠤ᠂ ᠡᠪᠤᠯ ᠤᠨ ᠤᠯᠠᠷᠢᠯ ᠳᠤ ᠮᠤᠳᠤᠨ ᠨᠠᠮᠠᠭ᠎ᠠ ᠴᠠᠰᠣᠨ ᠳᠤ ᠬᠤᠴᠢᠭᠳᠠᠵᠣ᠂ ᠪᠠᠶᠢᠭᠠᠯᠢ  ᠶᠢᠨ ᠦᠵᠡᠮᠵᠢ ᠨᠢ ᠬᠦᠮᠦᠰ ᠢ ᠰᠤᠭᠳᠤᠷᠠᠭᠤᠯᠤᠮ᠎ᠠ ᠪᠠᠶᠢᠳᠠᠭ᠃    ᠴᠧᠨ ᠭᠤᠸᠠᠩ ᠠᠮᠢ ᠠᠬᠤᠢ ᠶᠢᠨ ᠬᠦᠷᠢᠶᠠᠯᠠᠩ ᠤᠨ ᠪᠦᠬᠦᠶᠢᠯᠢ ᠴᠤᠭᠴᠠ ᠶᠢᠨ ᠪᠠᠷᠢᠯᠭ᠎ᠠ ᠶᠢᠨ ᠭᠡᠪ ᠨᠠᠮᠪᠠ ᠨᠢ ᠡᠸᠦ᠋ᠷᠦᠫᠡ ᠮᠠᠶ᠋ᠢᠭ ᠤᠨ ᠮᠣᠳᠣ ᠪᠠᠷ ᠬᠢᠭᠰᠡᠨ ᠠᠮᠠᠷᠠᠯᠳᠠ ᠶᠢᠨ ᠭᠠᠵᠠᠷ ᠪᠠᠶᠢᠵᠦ᠂ ᠤᠨᠴᠠ ᠶᠢᠨ ᠭᠡᠪ ᠨᠠᠮᠪᠠ   ᠲᠠᠢ᠂ ᠨᠠᠷᠢᠯᠢᠭ ᠢᠶᠠᠷ ᠪᠠᠷᠢᠭᠰᠠᠨ ᠪᠠᠷᠢᠯᠭ᠎ᠠ ᠪᠤᠯᠤᠨ᠎ᠠ᠃ ᠦᠨᠦ ᠶᠢᠨ ᠠᠮᠠᠷᠠᠯᠳᠠ ᠶᠢᠨ ᠭᠠᠵᠠᠷ ᠵᠢᠴᠢ ᠮᠤᠳᠤᠨ ᠭᠡᠷ ᠨᠢ ᠠᠷᠪᠠ ᠭᠠᠷᠤᠢ ᠰᠠᠭᠤᠷᠢ ᠪᠠᠶᠢᠵᠦ᠂ 400 ᠬᠦᠮᠦᠨ ᠴᠤᠭ ᠬᠤᠭᠤᠯᠠᠯᠵᠦ᠂ ᠵᠠᠭᠤ ᠭᠠᠷᠤᠢ ᠬᠦᠮᠦᠨ ᠬᠤᠨᠤᠭᠯᠠᠵᠦ ᠴᠢᠳᠠᠬᠤ 1 ᠲᠤᠮᠤ ᠤᠰᠤᠨ ᠲᠡᠭᠡᠷᠡᠬᠢ ᠬᠤᠭᠤᠯᠠᠨ ᠲᠢᠩᠬᠢᠮ ᠲᠠᠢ  ᠃    ᠬᠦᠷᠢᠶᠡᠯᠡᠩ ᠤᠨ ᠲᠤᠳᠤᠷᠠᠬᠢ ᠢᠳᠡᠭᠡᠨ ᠤᠮᠳᠠᠭᠠᠨ ᠳᠤ ᠭᠤᠤᠯᠳᠠᠭᠤ ᠦᠨᠳᠦᠰᠦᠳᠡᠨ ᠤ ᠤᠨᠴᠠᠯᠢᠭ ᠲᠠᠢ ᠪᠦᠬᠦᠯᠢ ᠮᠢᠬ᠎ᠠ᠂ ᠰᠢᠷᠠᠭᠰᠠᠨ ᠬᠤᠨᠢᠨ ᠬᠦᠯ᠂ ᠬᠤᠨᠢᠨ ᠬᠠᠪᠢᠷᠭ᠎ᠠ᠂ ᠪᠠᠶᠢᠭᠠᠯᠢᠯᠢᠭ ᠪᠤᠬᠢᠷᠳᠤᠯ ᠦᠭᠡᠢ ᠭᠡᠭᠡᠷ᠎ᠠ ᠶᠢᠨ ᠨᠤᠭᠤᠭ᠎ᠠ ᠵᠠᠷᠭᠡ ᠪᠤᠢ᠃ ᠡᠭᠦᠨ ᠤ ᠬᠠᠮᠳᠤ ᠵᠤᠴᠢᠳ ᠤᠨ ᠦᠨᠳᠦᠰᠦᠳᠡᠨ ᠤ ᠵᠠᠩ ᠢᠷᠡᠭᠡᠨᠰᠢᠯ  ᠳᠤᠨᠢ ᠲᠣᠬᠢᠷᠠᠭᠤᠯᠣᠨ ᠦᠢᠯᠡᠴᠢᠯᠡᠬᠦ ᠠᠴᠠ ᠰᠠᠷᠬᠤᠤᠨ ᠭᠡᠮᠨᠡᠬᠦ᠂ ᠬᠠᠳᠠᠭ ᠪᠠᠷᠢᠬᠤ᠂ ᠲᠠᠭᠤᠤ ᠡᠷᠬᠦᠬᠦ ᠵᠠᠷᠭᠡ ᠶᠤᠰᠤᠯᠠᠯ ᠤᠨ ᠦᠢᠯᠡᠴᠢᠯᠡᠭᠡ ᠪᠣᠢ᠃ ᠨᠠᠶᠢᠷ ᠨᠠᠭᠠᠳᠤᠮ  ᠤᠨ ᠲᠦᠷᠦᠯ ᠠᠴᠠ ᠵᠤᠨ ᠤ ᠤᠯᠠᠷᠢᠯ ᠤᠨ ᠵᠢᠭᠠᠰᠤ ᠬᠦᠬᠢᠳᠡᠬᠦ᠂ ᠤᠩᠭᠤᠴᠠ ᠰᠠᠯᠢᠬᠦ᠂ ᠮᠤᠷᠢ ᠤᠨᠤᠬᠤ᠂ ᠲᠦᠳᠡᠭ ᠭᠠᠯ ᠤᠨ ᠦᠳᠡᠰᠢᠯᠡᠭᠡ᠂ ᠡᠪᠤᠯ ᠤᠨ ᠤᠯᠠᠷᠢᠯ  ᠤᠨ ᠴᠠᠰᠣᠨ ᠳᠤ ᠴᠡᠨᠡᠬᠦ᠂ ᠮᠦᠰᠤᠨ ᠳᠤ ᠭᠤᠯᠭᠤᠬᠤ ᠵᠠᠷᠭᠡ ᠪᠤᠢ᠃ 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ