ᠵᠣᠬᠢᠶᠠᠭᠴᠢ᠄ ﹇ᠮᠣᠩᠭᠤᠯ ᠣᠯᠣᠰ﹈ ᠴ᠊ ᠊ ᠪᠤᠶᠠᠨᠵᠠᠶᠠᠭ᠎ᠠ | | | ᠨᠢᠭᠡ | ᠬᠥᠳᠡᠭᠡ ᠶᠢᠨ ᠪᠢᠴᠢᠬᠠᠨ ᠰᠠᠭᠤᠷᠢᠨ ᠳᠤ ᠲᠡᠷᠡ ᠪᠠᠷ ᠮᠢᠨᠤ ᠬᠠᠷᠠᠭᠰᠠᠨ ᠬᠠᠮᠤᠭ ᠤᠨ ᠰᠠᠶᠢᠬᠠᠨ ᠪᠦᠰᠡᠭᠦᠢ ᠪᠠᠶᠢᠭᠰᠠᠨ ᠶᠤᠮ᠃ ᠲᠡᠭᠦᠨ ᠤ ᠲᠤᠩᠭᠠᠯᠠᠭ ᠬᠠᠷ᠎ᠠ | ᠨᠢᠳᠦ᠂ ᠶᠠᠯᠢᠭ ᠶᠠᠭᠠᠨ ᠲᠤᠶᠠᠭ᠎ᠠ ᠲᠠᠢ ᠬᠠᠴᠠᠷ ᠲᠠᠢ ᠪᠠᠨ ᠵᠣᠬᠢᠴᠠᠭᠰᠠᠨ ᠨᠢᠮᠭᠡᠨ ᠴᠠᠭᠠᠨ ᠴᠢᠷᠠᠢ ᠨᠢ ᠣᠳᠣ ᠶᠢ ᠪᠣᠯᠲᠠᠯ᠎ᠠ ᠰᠠᠨᠠᠭᠠᠨ ᠠᠴᠠ ᠮᠢᠨᠢ ᠭᠠᠷᠳᠠᠭ ᠦᠭᠡᠢ | ᠪᠢᠯᠡ᠃ ᠪᠦᠰᠡᠭᠦᠢ ᠳᠠᠩᠳᠠ ᠯᠠ ᠴᠠᠭᠠᠨ ᠳᠠᠰᠢᠨᠵᠠ ᠡᠮᠦᠰᠴᠦ ᠶᠠᠪᠤᠳᠠᠭ ᠰᠠᠨ᠃ ᠳᠥᠩᠭᠡᠵᠦ ᠠᠷᠪᠠᠨ ᠨᠠᠢᠮᠠᠨ ᠨᠠᠰᠤ ᠱᠦᠷᠭᠦᠵᠦ ᠶᠠᠪᠤᠭᠰᠠᠨ ᠲᠡᠭᠦᠨ ᠢ ᠮᠠᠨ ᠤ | ᠰᠠᠭᠤᠷᠢᠨ ᠤ ᠡᠷ᠎ᠡ ᠬᠦᠢᠰᠦᠲᠡᠨ ᠪᠣᠯᠭᠠᠨ ᠰᠣᠨᠵᠢᠵᠤ ᠶᠠᠪᠤᠭᠰᠠᠨ ᠢ ᠪᠢ ᠲᠣᠳᠣᠬᠠᠨ ᠰᠠᠨᠠᠵᠤ ᠪᠠᠶᠢᠨ᠎ᠠ᠃ ᠶᠠᠭᠠᠬᠢᠭᠠᠳ ᠴᠦ ᠶᠤᠮ ᠪᠤᠢ᠂ ᠪᠢ ᠪᠤᠰᠤᠳ | ᠡᠷᠡᠴᠦᠳ ᠤᠨ ᠠᠳᠠᠯᠢ ᠲᠡᠭᠦᠨ ᠢ ᠪᠢᠲᠡᠭᠦᠬᠡᠨ ᠬᠠᠷᠠᠵᠤ ᠶᠠᠪᠤᠭᠰᠠᠨ ᠶᠤᠮ᠃ ᠲᠡᠭᠡᠬᠦ ᠳᠤ ᠪᠢ ᠠᠷᠪᠠᠨ ᠳᠣᠯᠣᠭᠠᠨ ᠨᠠᠰᠤ ᠴᠦ ᠬᠦᠷᠦᠭᠡ ᠦᠭᠡᠢ ᠪᠠᠶᠢᠭᠰᠠᠨ ᠪᠢᠯᠡ᠃ | | ᠮᠠᠭᠠᠳ ᠦᠭᠡᠢ᠂ ᠲᠡᠷᠡ ᠮᠢᠨᠤ ᠠᠩᠬᠠᠨ ᠤ ᠬᠠᠶᠢᠷ᠎ᠠ ᠪᠠᠶᠢᠭᠰᠠᠨ ᠪᠠᠶᠢᠬᠤ᠃ ᠮᠠᠭᠠᠳ ᠦᠭᠡᠢ ᠴᠦ ᠭᠡᠵᠦ ᠳ᠋ᠡ᠂ ᠠᠩᠬᠠᠨ ᠤ ᠮᠢᠨᠢ ᠬᠠᠶᠢᠷ᠎ᠠ ᠪᠠᠶᠢᠭᠰᠠᠨ ᠶᠤᠮ᠃ | ᠭᠡᠪᠡᠴᠦ ᠪᠢ ᠲᠡᠷᠡ ᠬᠠᠶᠢᠷ᠎ᠠ ᠪᠠᠨ ᠣᠶᠢᠯᠠᠭᠠᠭ᠎ᠠ ᠴᠦ ᠦᠭᠡᠢ᠂ ᠬᠠᠶᠢᠷᠠᠯᠠᠭᠠ ᠴᠦ ᠦᠭᠡᠢ ᠲᠡᠭᠦᠰᠬᠡᠭᠰᠡᠨ ᠪᠢᠯᠡ᠃ ᠲᠡᠭᠦᠨ ᠢ ᠬᠠᠲᠣᠩᠭᠤᠸ᠎ᠠ ᠭᠡᠳᠡᠭ ᠪᠠᠶᠢᠭᠰᠠᠨ | ᠶᠤᠮ᠃ ᠬᠠᠲᠣᠩᠭᠤᠸ᠎ᠠ ᠶᠢᠨ ᠬᠢ ᠮᠠᠨ ᠤ ᠬᠢ ᠬᠤᠶᠠᠷ ᠬᠥᠷᠰᠢ ᠨᠦᠭᠦᠳ ᠪᠠᠶᠢᠭᠰᠠᠨ ᠪᠢᠯᠡ᠃ ᠳᠤᠮᠳᠠᠳᠤ ᠰᠤᠷᠭᠠᠭᠤᠯᠢ ᠶᠢᠨ ᠶᠢᠰᠦᠳᠦᠭᠡᠷ ᠠᠩᠭᠢ ᠳᠤ ᠣᠷᠣᠳᠠᠭ | ᠵᠢᠯ ᠢᠶᠠᠨ ᠪᠢ ᠬᠠᠲᠣᠩᠭᠤᠸ᠎ᠠ ᠲᠠᠢ ᠳᠣᠲᠣᠨᠣᠰᠢᠨ ᠦᠶᠡᠷᠬᠡᠭᠰᠡᠨ ᠶᠤᠮ᠃ ᠲᠡᠭᠦᠨ ᠲᠠᠢ ᠪᠠᠶᠢᠬᠤ ᠳᠤ ᠨᠠᠳᠠ ᠳᠤ ᠰᠠᠶᠢᠬᠠᠨ ᠪᠠᠶᠢᠳᠠᠭ ᠪᠠᠶᠢᠭᠰᠠᠨ ᠪᠣᠯᠬᠤ ᠪᠠᠷ ᠪᠢ | ᠨᠢᠭᠡ ᠴᠦ ᠤᠳᠠᠭ᠎ᠠ ᠲᠡᠭᠦᠨ ᠠᠴᠠ ᠬᠤᠯᠠᠳᠬᠤ ᠶᠢ ᠬᠦᠰᠡᠵᠦ ᠪᠠᠶᠢᠭᠰᠠᠨ ᠦᠭᠡᠢ᠃ ᠮᠠᠨ ᠤ ᠰᠠᠭᠤᠷᠢᠨ ᠤ ᠡᠮᠦᠨ᠎ᠡ ᠪᠠᠶᠢᠳᠠᠭ ᠴᠡᠴᠡᠭᠲᠦ ᠲᠣᠯᠣᠭᠠᠳ ᠬᠡᠮᠡᠬᠦ | ᠬᠠᠳᠠᠲ᠋ᠠᠢ ᠪᠢᠴᠢᠬᠠᠨ ᠲᠣᠯᠣᠭᠠᠳ ᠤᠷᠤᠭᠤ ᠪᠢᠳᠠ ᠬᠤᠶᠠᠷ ᠮᠥᠨ ᠴᠦ ᠣᠯᠠᠨ ᠤᠳᠠᠭ᠎ᠠ ᠭᠠᠷᠴᠤ᠂ ᠡᠯᠳᠡᠪ ᠢ ᠬᠦᠦᠷᠨᠢᠵᠦ ᠰᠠᠭᠤᠭᠰᠠᠨ ᠰᠠᠨ᠃ ᠲᠡᠭᠡᠬᠦ ᠳᠤ | ᠬᠠᠲᠣᠩᠭᠤᠸ᠎ᠠ ᠴᠡᠴᠡᠭᠲᠦ ᠲᠣᠯᠣᠭᠠᠳ ᠤᠨ ᠲᠤᠬᠠᠢ ᠨᠠᠳᠠ ᠳᠤ ᠨᠢᠭᠡ ᠳᠣᠮᠤᠭ ᠶᠠᠷᠢᠵᠤ ᠥᠭᠭᠦᠭᠰᠡᠨ ᠶᠤᠮ᠃ ᠬᠠᠲᠣᠩᠭᠤᠸ᠎ᠠ ᠶᠢᠨ ᠶᠠᠷᠢᠭᠰᠠᠨ ᠲᠡᠷᠡ ᠳᠣᠮᠤᠭ ᠢᠶᠠᠷ | ᠬᠡᠵᠢᠶ᠎ᠡ ᠴᠦ ᠶᠤᠮ ᠪᠤᠢ᠂ ᠪᠦᠦ ᠮᠡᠳᠡ᠃ ᠡᠷᠲᠡ ᠴᠠᠭ ᠲᠤ ᠡᠨᠡ ᠲᠣᠯᠣᠭᠠᠳ ᠬᠠᠯᠵᠠᠨ ᠲᠣᠯᠣᠭᠠᠢ ᠨᠡᠷ᠎ᠡ ᠲᠠᠢ ᠪᠠᠶᠢᠭᠰᠠᠨ ᠠᠵᠢ᠃ ᠬᠠᠯᠵᠠᠨ ᠲᠣᠯᠣᠭᠠᠢ ᠶᠢᠨ | ᠡᠩᠭᠡᠷ ᠲᠤ ᠰᠢᠨᠡᠬᠡᠨ ᠬᠠᠨᠢᠯᠠᠭᠰᠠᠨ ᠡᠷ᠎ᠡ᠂ ᠡᠮ᠎ᠡ ᠬᠤᠶᠠᠷ ᠨᠤᠲᠤᠭᠯᠠᠳᠠᠭ ᠪᠠᠶᠢᠵᠠᠢ᠃ | ᠲᠡᠭᠡᠲᠡᠯ᠎ᠡ ᠲᠡᠷᠡ ᠬᠤᠶᠠᠷ ᠤᠨ ᠦᠵᠡᠰᠬᠦᠯᠡᠩ ᠲᠡᠭᠦᠰ ᠴᠢᠷᠠᠢ ᠵᠢᠰᠦᠨ ᠳᠤ ᠠᠲᠠᠭᠠᠷᠬᠠᠵᠤ ᠶᠠᠪᠤᠳᠠᠭ ᠨᠢᠭᠡᠨ ᠮᠠᠭᠤ ᠰᠠᠨᠠᠭᠠᠲᠠᠨ ᠵᠠᠯᠠᠭᠤ ᠶᠢ ᠨᠢ ᠬᠤᠣᠷᠯᠠᠵᠤ | ᠠᠮᠢ ᠶᠢ ᠨᠢ ᠶᠡᠭᠦᠳᠬᠡᠵᠡᠢ᠃ ᠬᠠᠶᠢᠷᠠᠲᠠᠢ ᠬᠠᠨᠢ ᠪᠠᠨ ᠠᠯᠳᠠᠭᠰᠠᠨ ᠪᠦᠰᠡᠭᠦᠢ ᠡᠪᠦᠯ᠂ ᠬᠠᠪᠤᠷ᠂ ᠵᠤᠨ᠂ ᠨᠠᠮᠤᠷ ᠢ ᠴᠦ ᠦᠯᠦ ᠠᠩᠵᠠᠭᠠᠷᠠᠨ ᠬᠠᠯᠵᠠᠨ ᠲᠣᠯᠣᠭᠠᠢ ᠶᠢᠨ | ᠣᠷᠣᠢ ᠳᠤ ᠰᠠᠭᠤᠨ ᠠᠰᠬᠠᠷᠠᠲᠠᠯ᠎ᠠ ᠤᠬᠢᠯᠠᠳᠠᠭ ᠪᠠᠶᠢᠵᠠᠢ᠃ ᠪᠦᠰᠡᠭᠦᠢ ᠤᠬᠢᠯᠠᠭᠰᠠᠭᠠᠷ ᠨᠢᠯᠪᠤᠰᠤ ᠨᠢ ᠰᠠᠭᠤᠭᠰᠠᠨ ᠭᠠᠵᠠᠷ ᠤᠨ ᠬᠢ ᠨᠢ ᠰᠢᠷᠣᠢ ᠳᠤ ᠰᠢᠩᠭᠡᠭᠰᠡᠭᠡᠷ | ᠯᠠ ᠪᠠᠶᠢᠵᠠᠢ᠃ ᠰᠡᠭᠦᠯ ᠳᠤ ᠪᠠᠨ ᠪᠦᠰᠡᠭᠦᠢ ᠤᠬᠢᠯᠠᠭᠰᠠᠭᠠᠷ ᠪᠠᠶᠢᠭᠠᠳ ᠬᠠᠷᠠᠭ᠎ᠠ ᠦᠭᠡᠢ ᠪᠣᠯᠵᠠᠢ᠃ ᠪᠦᠰᠡᠭᠦᠢ ᠶᠢᠨ ᠤᠢ ᠭᠠᠰᠢᠭᠤ᠂ ᠨᠢᠯᠪᠤᠰᠤᠨ ᠳᠤ ᠨᠣᠷᠣᠭᠰᠠᠨ | ᠲᠣᠯᠣᠭᠠᠢ ᠬᠠᠷ᠎ᠠ ᠠᠶᠠᠨ ᠳᠤ ᠪᠠᠨ ᠭᠡᠪ ᠭᠡᠨᠡᠳᠲᠡ ᠯᠠ ᠴᠡᠴᠡᠭ ᠲᠤ ᠬᠤᠴᠢᠭᠳᠠᠨ ᠥᠭᠡᠷᠡᠴᠢᠯᠡᠭᠳᠡᠵᠡᠢ᠃ ᠲᠡᠭᠦᠨ ᠠᠴᠠ ᠬᠤᠶᠢᠰᠢ ᠬᠥᠮᠥᠰ ᠬᠠᠯᠵᠠᠨ ᠲᠣᠯᠣᠭᠠᠢ ᠶᠢ | ᠴᠡᠴᠡᠭᠲᠦ ᠲᠣᠯᠣᠭᠠᠳ ᠭᠡᠵᠦ ᠨᠡᠷᠡᠯᠡᠬᠦ ᠪᠣᠯᠵᠠᠢ᠃ ᠴᠡᠴᠡᠭᠲᠦ ᠲᠣᠯᠣᠭᠠᠳ ᠤᠨ ᠵᠡᠭᠦᠨ ᠰᠤᠭᠤ ᠠᠴᠠ ᠨᠢᠳᠦᠨ ᠤ ᠬᠠᠷᠠᠭᠠᠨ ᠳᠤ ᠰᠠᠶᠢᠨ ᠭᠡᠭᠳᠡᠳᠡᠭ ᠨᠢᠳᠦᠨ ᠬᠡᠮᠡᠬᠦ | ᠬᠠᠯᠠᠭᠤᠨ ᠷᠠᠰᠢᠶᠠᠨ ᠤᠷᠤᠰᠳᠠᠭ ᠨᠢ ᠠᠮᠠᠷᠠᠭ ᠢᠶᠠᠨ ᠰᠠᠨᠠᠨ ᠭᠠᠩᠰᠠᠷᠠᠵᠤ ᠣᠬᠤᠷᠬᠠᠢ ᠪᠠᠨ ᠰᠢᠷᠭᠡᠭᠡᠭᠰᠡᠨ ᠪᠦᠰᠡᠭᠦᠢ ᠶᠢᠨ ᠨᠢᠯᠪᠤᠰᠤ ᠠᠵᠢ᠃ ᠲᠡᠷᠡ ᠷᠠᠰᠢᠶᠠᠨ | ᠡᠭᠴᠡ ᠤᠯᠠᠭᠠᠨ ᠬᠠᠳᠠᠨ ᠤ ᠡᠩᠭᠡᠷ ᠠᠴᠠ ᠳᠣᠰᠣᠩᠨᠠᠨ ᠭᠤᠭᠤᠵᠢᠬᠤ ᠠᠭᠠᠳ ᠬᠠᠵᠠᠭᠤ ᠳᠤ ᠨᠢ ᠣᠴᠢᠭᠠᠳ ᠬᠥᠮᠥᠨ ᠦᠨᠡᠨ ᠰᠡᠳᠬᠢᠯ ᠠᠴᠠ ᠪᠠᠨ ᠮᠡᠭᠰᠢᠨ | ᠣᠬᠢᠯᠠᠪᠠᠯ ᠳᠣᠰᠣᠯᠠᠬᠤ ᠨᠢ ᠬᠤᠷᠳᠣᠯᠠᠳᠠᠭ ᠭᠡᠯᠴᠡᠳᠡᠭ ᠪᠠᠶᠢᠭᠰᠠᠨ ᠶᠤᠮ᠃ ᠬᠠᠷᠢᠨ ᠴᠢᠩᠭ᠎ᠠ ᠴᠢᠩᠭ᠎ᠠ ᠳᠤᠤᠭᠠᠷᠪᠠᠯ ᠳᠣᠰᠣᠩᠨᠠᠬᠤ ᠪᠠᠨ ᠪᠣᠯᠢᠳᠠᠭ ᠭᠡᠰᠡᠨ | ᠦᠭᠡ ᠲᠠᠢ ᠶᠤᠮ᠃ ᠬᠠᠲᠣᠩᠭᠤᠸ᠎ᠠ ᠪᠢᠳᠠ ᠬᠤᠶᠠᠷ ᠳᠣᠮᠤᠭ ᠦᠨᠡᠨ ᠡᠰᠡᠬᠦ ᠶᠢ ᠰᠢᠯᠭᠠᠬᠤ ᠪᠠᠷ ᠤᠬᠢᠯᠠᠵᠤ ᠴᠦ ᠦᠵᠡᠭᠰᠡᠨ᠂ ᠴᠢᠩᠭ᠎ᠠ ᠴᠢᠩᠭ᠎ᠠ ᠬᠠᠰᠬᠢᠷᠴᠤ ᠴᠦ | ᠦᠵᠡᠭᠰᠡᠨ᠃ ᠤᠬᠢᠯᠠᠵᠤ ᠮᠡᠭᠰᠢᠬᠦ ᠶᠢ ᠨᠢ ᠬᠠᠲᠣᠩᠭᠤᠸ᠎ᠠ ᠲᠤᠷᠰᠢᠭᠰᠠᠨ᠃ ᠬᠠᠲᠣᠩᠭᠤᠸ᠎ᠠ ᠦᠨᠡᠨ ᠰᠠᠨᠠᠭᠠᠨ ᠠᠴᠠ ᠮᠡᠭᠰᠢᠭᠡ ᠦᠭᠡᠢ ᠶᠤᠮ ᠪᠠᠶᠢᠯᠭᠦᠢ᠂ ᠮᠥᠨᠦᠬᠢ | ᠷᠠᠰᠢᠶᠠᠨ ᠳᠣᠰᠤᠳᠠᠭ ᠢᠶᠠᠷ ᠢᠶᠠᠨ ᠯᠠ ᠳᠣᠰᠤᠵᠤ ᠪᠠᠶᠢᠭᠰᠠᠨ᠃ ᠬᠠᠷᠢᠨ ᠨᠠᠮ᠎ᠠ ᠶᠢ ᠴᠢᠩᠭ᠎ᠠ ᠴᠢᠩᠭ᠎ᠠ ᠬᠠᠰᠬᠢᠷᠬᠤ ᠳᠤ ᠷᠠᠰᠢᠶᠠᠨ ᠳᠣᠰᠤᠬᠤ ᠪᠠᠨ ᠪᠣᠯᠢᠵᠤ | ᠪᠠᠶᠢᠭᠰᠠᠨ ᠨᠢ ᠦᠨᠡᠨ ᠪᠢᠯᠡ᠃ ᠮᠥᠨ ᠬᠠᠲᠣᠩᠭᠤᠸ᠎ᠠ ᠴᠡᠴᠡᠭᠲᠦ ᠲᠣᠯᠣᠭᠠᠳ ᠲᠤ ᠪᠦᠰᠡᠭᠦᠢ ᠬᠥᠮᠥᠨ ᠣᠶᠢᠷ᠎ᠠ ᠣᠶᠢᠷᠠᠬᠠᠨ ᠭᠠᠷᠤᠭᠠᠳ ᠪᠠᠶᠢᠪᠠᠯ ᠬᠦᠰᠡᠭᠡ ᠦᠭᠡᠢ | ᠪᠠᠶᠢᠬᠤ ᠳᠤ ᠪᠠᠨ ᠵᠢᠷᠮᠦᠰᠦᠯᠡᠳᠡᠭ ᠭᠡᠰᠡᠨ ᠶᠤᠮ᠃ ᠲᠡᠶᠢᠮᠦ ᠪᠣᠯᠬᠤ ᠪᠠᠷ ᠬᠠᠲᠣᠩᠭᠤᠸ᠎ᠠ ᠵᠠᠷᠢᠮ ᠳᠤ ᠪᠠᠨ ᠴᠡᠴᠡᠭᠲᠦ ᠲᠣᠯᠣᠭᠠᠳ ᠲᠤ ᠭᠠᠷᠬᠤ ᠳᠤ ᠪᠠᠨ ᠤᠴᠢᠷ | ᠦᠭᠡᠢ ᠳᠤᠷ᠎ᠠ ᠦᠭᠡᠶᠢᠴᠡᠳᠡᠭ ᠪᠠᠶᠢᠭᠰᠠᠨ ᠪᠢᠯᠡ᠃ ᠬᠠᠷᠢᠨ ᠪᠢ ᠬᠠᠲᠣᠩᠭᠤᠸ᠎ᠠ ᠲᠠᠢ ᠬᠤᠶᠠᠭᠤᠯᠠᠬᠠᠨ ᠢᠶᠠᠨ ᠪᠠᠶᠢᠬᠤ ᠶᠢ ᠬᠦᠰᠡᠳᠡᠭ ᠪᠠᠶᠢᠭᠰᠠᠨ ᠪᠣᠯᠬᠤᠷ | ᠬᠥᠮᠥᠨ ᠤ ᠬᠥᠯ ᠠᠴᠠ ᠳᠠᠶᠢᠵᠢᠨ ᠴᠡᠴᠡᠭᠲᠦ ᠲᠣᠯᠣᠭᠠᠳ ᠤᠨ ᠣᠷᠣᠢ ᠳᠤ ᠭᠠᠷᠬᠤ ᠶᠢ ᠪᠠᠶᠢᠩᠭᠤ ᠬᠦᠰᠡᠳᠡᠭ ᠪᠠᠶᠢᠭᠰᠠᠨ ᠶᠤᠮ᠃ | ᠬᠤᠶᠠᠷ | ᠬᠠᠲᠣᠩᠭᠤᠸ᠎ᠠ ᠪᠢᠳᠠ ᠬᠤᠶᠠᠷ ᠤᠨ ᠣᠢ ᠵᠠᠢ ᠦᠭᠡᠢ ᠲᠣᠲᠣᠨᠣᠰᠳᠠᠭ ᠲᠡᠷᠡ ᠵᠢᠯ ᠤᠨ ᠨᠠᠮᠤᠷ ᠮᠠᠨ ᠤ ᠰᠤᠷᠭᠠᠭᠤᠯᠢ ᠳᠤ ᠵᠠᠯᠠᠭᠤᠬᠠᠨ ᠬᠥᠭᠵᠢᠮ ᠤᠨ ᠪᠠᠭᠰᠢ | ᠢᠷᠡᠭᠰᠡᠨ ᠪᠢᠯᠡ᠃ ᠬᠥᠭᠵᠢᠮ ᠤᠨ ᠪᠠᠭᠰᠢ ᠵᠠᠯᠠᠭᠤ ᠢᠷᠡᠭᠰᠡᠨ ᠳᠠᠷᠤᠢ ᠳᠤ ᠪᠠᠨ ᠯᠡ ᠰᠢᠬᠠᠮ ᠬᠥᠭᠵᠢᠮ ᠤᠨ ᠳᠤᠭᠤᠶᠢᠯᠠᠩ ᠬᠢᠴᠢᠶᠡᠯᠯᠡᠭᠦᠯᠦᠭᠰᠡᠨ ᠶᠤᠮ᠃ | ᠬᠠᠲᠣᠩᠭᠤᠸ᠎ᠠ ᠨᠠᠮ᠎ᠠ ᠶᠢ ᠲᠡᠷᠡ ᠳᠤᠭᠤᠶᠢᠯᠠᠩ ᠳᠤ ᠨᠢ ᠬᠠᠮᠲᠤ ᠶᠠᠪᠤᠶ᠎ᠠ ᠭᠡᠰᠡᠨ ᠪᠣᠯᠪᠠᠴᠤ ᠪᠢ ᠨᠡᠷᠡᠯᠬᠡᠦ ᠵᠠᠩ ᠠᠴᠠ ᠪᠠᠨ ᠪᠣᠯᠣᠭᠠᠳ ᠴᠦ ᠭᠡᠬᠦ ᠦᠦ᠂ | ᠬᠠᠲᠣᠩᠭᠤᠸ᠎ᠠ ᠶᠢ ᠬᠠᠷᠠᠮᠯᠠᠬᠤ ᠰᠡᠳᠬᠢᠯ ᠠᠴᠠ ᠪᠠᠨ ᠪᠣᠯᠣᠭᠠᠳ ᠴᠦ ᠭᠡᠬᠦ ᠦᠦ ᠴᠠᠭᠠᠷᠭᠤᠯᠠᠨ ᠶᠠᠪᠤᠭ᠎ᠠ ᠦᠭᠡᠢ ᠪᠢᠯᠡ᠃ ᠬᠠᠷᠢᠨ ᠬᠢᠭᠢᠯᠢ ᠬᠡᠮᠡᠬᠦ ᠰᠡᠳᠬᠢᠯ ᠰᠡᠮᠡᠯᠦᠮᠡ | ᠠᠶᠠᠯᠭᠤ ᠲᠠᠢ ᠲᠡᠷᠡ ᠬᠦ ᠴᠢᠪᠬᠠᠳᠠᠰᠤᠲᠤ ᠬᠥᠭᠵᠢᠮ ᠢ ᠭᠠᠶᠢᠬᠠᠯᠲᠠᠢ ᠰᠠᠶᠢᠨ ᠰᠤᠷᠤᠭᠰᠠᠨ ᠶᠤᠮ᠃ ᠬᠠᠲᠣᠩᠭᠤᠸ᠎ᠠ ᠶᠢ ᠬᠢᠬᠢᠯᠢ ᠪᠠᠨ ᠳᠠᠷᠤᠬᠤ ᠳᠤ ᠨᠢ ᠵᠢᠷᠦᠬᠡ ᠶᠢ | ᠮᠢᠨᠢ ᠬᠠᠶᠢᠷ᠎ᠠ ᠨᠠᠶᠢᠷ ᠦᠭᠡᠢ ᠪᠠᠷ ᠬᠡᠨ ᠨᠢᠭᠡᠨ ᠥᠷᠭᠡᠰᠦ ᠪᠠᠷ ᠬᠠᠳᠬᠤᠬᠤ ᠠᠳᠠᠯᠢ ᠶᠡᠷᠦ ᠪᠤᠰᠤ ᠶᠢᠨ ᠡᠪᠡᠳᠦᠯᠲᠡ ᠥᠭᠳᠡᠭ ᠪᠠᠶᠢᠭᠰᠠᠨ ᠪᠢᠯᠡ᠃ | ᠣᠳᠣ ᠪᠣᠳᠣᠬᠤ ᠳᠤ ᠲᠡᠷᠡ ᠡᠪᠡᠳᠦᠯᠲᠡ ᠨᠠᠮ᠎ᠠ ᠶᠢ ᠬᠠᠲᠣᠩᠭᠤᠸ᠎ᠠ ᠶᠢ ᠬᠠᠷᠠᠮᠯᠠᠬᠤ ᠰᠡᠳᠬᠢᠯ ᠢᠶᠠᠷ ᠡᠪᠡᠳᠴᠢᠯᠡᠭᠦᠯᠵᠦ᠂ ᠠᠮᠢᠳᠤᠷᠠᠯ ᠢ ᠭᠡᠷᠡᠯ ᠲᠠᠢ ᠨᠢᠳᠦ ᠪᠠᠷ | ᠬᠠᠷᠠᠬᠤ ᠪᠣᠯᠣᠮᠵᠢ ᠶᠢ ᠮᠢᠨᠢ ᠬᠠᠭᠠᠵᠤ ᠪᠠᠶᠢᠭᠰᠠᠨ ᠰᠢᠭ᠋ ᠰᠠᠨᠠᠭᠳᠠᠳᠠᠭ ᠶᠤᠮ᠃ ᠮᠢᠨᠤ ᠰᠡᠳᠬᠢᠯ ᠤᠨ ᠬᠦᠨᠳᠡᠭᠦᠷ ᠢ ᠤᠯᠠᠮ ᠯᠡ ᠡᠪᠡᠳᠬᠡᠬᠦ ᠭᠡᠰᠡᠨ ᠶᠤᠮ ᠰᠢᠭ | ᠥᠨᠥᠬᠢ ᠬᠥᠭᠵᠢᠮ ᠤᠨ ᠪᠠᠭᠰᠢ ᠵᠠᠯᠠᠭᠤ ᠬᠠᠲᠣᠩᠭᠤᠸ᠎ᠠ ᠶᠢ ᠤᠯᠠᠶᠢᠮ᠎ᠠ ᠴᠠᠶᠢᠮ᠎ᠠ ᠯᠠ ᠭᠡᠷ ᠲᠤ ᠨᠢ ᠣᠷᠣᠢ ᠦᠳᠡᠰᠢ ᠳᠥᠬᠦᠭᠦᠯᠵᠦ ᠥᠭᠳᠡᠭ ᠪᠣᠯᠣᠭᠰᠠᠨ ᠪᠢᠯᠡ᠃ | ᠨᠠᠮ᠎ᠠ ᠶᠢ ᠬᠠᠷᠠᠮᠯᠠᠬᠤ᠂ ᠰᠢᠨᠠᠯᠬᠤ ᠰᠡᠳᠬᠢᠯ ᠢᠶᠠᠷ ᠢᠶᠠᠨ ᠰᠢᠲᠠᠵᠤ ᠶᠠᠪᠤᠭ᠎ᠠ ᠶᠢ ᠮᠢᠨᠢ ᠭᠠᠳᠠᠷᠯᠠᠭᠰᠠᠨ ᠪᠣᠯᠣᠭᠠᠳ ᠴᠦ ᠲᠡᠷᠡ ᠦᠦ ᠨᠢᠭᠡ ᠤᠳᠠᠭ᠎ᠠ ᠬᠠᠲᠣᠩᠭᠤᠸ᠎ᠠ ︽ | ᠴᠢ ᠵᠥᠪ ᠢᠶᠠᠷ ᠣᠶᠢᠯᠠᠭ᠎ᠠ ᠯᠠ ᠳ᠋ᠠ᠃ ᠪᠢ ᠶᠠᠭᠤ ᠭᠡᠵᠦ ᠥᠪᠡᠷ ᠠᠴᠠ ᠪᠠᠨ ᠣᠯᠠᠨ ᠠᠬ᠎ᠠ ᠬᠥᠮᠥᠨ ᠲᠠᠢ ᠨᠠᠶᠢᠵᠠᠯᠠᠬᠤ ᠶᠤᠮ᠃ ᠬᠥᠭᠵᠢᠮ ᠤᠨ ᠪᠠᠭᠰᠢ ᠨᠠᠮ᠎ᠠ ᠶᠢ | ᠰᠠᠶᠢᠨ ᠱᠠᠪᠢ ᠪᠠᠨ ᠭᠡᠵᠦ ᠪᠣᠳᠣᠭᠠᠳ ᠯᠡ ᠣᠷᠦ᠋ᠢᠳᠠᠬᠤ ᠳᠤ ᠮᠢᠨᠢ ᠭᠡᠷ ᠲᠤ ᠳᠥᠭᠦᠭᠦᠯᠳᠡᠭ ᠶᠤᠮ᠃ ᠤᠭ ᠠᠴᠠ ᠪᠠᠨ ᠴᠦ ᠪᠠᠭᠰᠢ ᠨᠠᠶᠢᠵᠠ ᠪᠦᠰᠡᠭᠦᠢ ᠲᠠᠢ ᠭᠡᠰᠡᠨ | ᠃ ᠲᠡᠷᠡ ᠨᠠᠶᠢᠵᠠ ᠪᠦᠰᠡᠭᠦᠢ ᠨᠢ ᠣᠶᠤᠲᠠᠨ ᠶᠤᠮ ᠭᠡᠨ᠎ᠡ ᠯᠠ᠃ ᠲᠡᠭᠡᠭᠡᠳ ᠴᠦ ᠭᠡᠰᠡᠨ ᠡᠷ᠎ᠡ ᠬᠥᠮᠥᠨ ᠪᠠᠶᠢᠵᠤ ᠪᠦᠰᠡᠭᠦᠢ ᠬᠥᠮᠥᠨ ᠢ ᠣᠷᠣᠢ ᠦᠳᠡᠰᠢ | ᠭᠠᠭᠴᠠᠭᠠᠷ ᠢ ᠨᠢ ᠭᠡᠷ ᠲᠤ ᠨᠢ ᠳᠥᠬᠦᠭᠦᠯᠵᠦ ᠥᠭᠬᠦ ᠦᠭᠡᠢ ᠪᠣᠯ ᠮᠠᠭᠤᠬᠠᠢ ᠪᠢᠵᠡ ᠳ᠋ᠡ︖ ᠴᠢ ᠥᠪᠡᠷ ᠢᠶᠠᠨ ᠶᠠᠮᠠᠷ ᠨᠠᠮ᠎ᠠ ᠶᠢ ᠣᠷᠦ᠋ᠢᠳᠠᠬᠤ ᠪᠠᠷ ᠣᠴᠢᠵᠤ | ᠠᠪᠬᠤ ᠪᠢᠰᠢ︾ ᠭᠡᠰᠡᠨ ᠭᠤᠮᠣᠳᠠᠯ ᠤᠨ ᠦᠭᠡ ᠴᠢᠯᠠᠭᠤᠳᠠᠭᠰᠠᠨ ᠪᠢᠯᠡ᠃ ᠪᠢ ᠬᠠᠲᠣᠩᠭᠤᠸ᠎ᠠ ᠶᠢᠨ ᠡᠨᠡ ᠦᠭᠡᠨ ᠳᠤ ᠣᠭᠲᠣ ᠢᠲᠡᠭᠡᠭᠡ ᠦᠭᠡᠢ ᠪᠥᠭᠡᠳ | ᠬᠥᠭᠵᠢᠮ ᠤᠨ ᠪᠠᠭᠰᠢ ᠵᠠᠯᠠᠭᠤ ᠲᠠᠢ ᠨᠠᠶᠢᠵᠠᠯᠠᠵᠣ ᠪᠠᠶᠢᠭ᠎ᠠ ᠪᠠᠨ ᠨᠠᠳᠠ ᠠᠴᠠ ᠨᠢᠭᠤᠵᠤ ᠪᠠᠶᠢᠨ᠎ᠠ ᠯᠡ ᠭᠡᠵᠦ ᠪᠣᠳᠣᠭᠰᠠᠨ ᠶᠤᠮ᠃ | ᠭᠤᠷᠪᠠ | ᠬᠠᠲᠣᠩᠭᠤᠸ᠎ᠠ ᠲᠠᠢ ᠥᠩᠭᠡᠷᠡᠭᠦᠯᠦᠭᠰᠡᠨ ᠲᠡᠷᠡ ᠨᠢᠭᠡᠨ ᠰᠥᠨᠢ ᠮᠢᠨᠤ ᠠᠮᠢᠳᠤᠷᠠᠯ ᠳᠤ ᠲᠣᠬᠢᠶᠠᠯᠳᠤᠭᠰᠠᠨ ᠬᠠᠮᠤᠭ ᠤᠨ ᠭᠠᠶᠢᠬᠠᠯᠲᠠᠢ ᠬᠢᠷᠢᠨ᠎ᠡ ᠨᠠᠰᠤᠨ | ᠲᠤᠷᠰᠢᠲᠠ ᠮᠢᠨᠢ ᠦᠯᠦ ᠲᠠᠶᠢᠯᠤᠭᠳᠠᠬᠤ ᠣᠨᠢᠰᠤᠭ᠎ᠠ ᠪᠣᠯᠵᠤ ᠦᠯᠡᠳᠡᠭᠰᠡᠨ ᠪᠢᠯᠡ᠃ ᠲᠡᠭᠡᠬᠦ ᠳᠤ ᠪᠢ ᠡᠷ᠎ᠡ ᠬᠥᠮᠥᠨ ᠪᠣᠯᠣᠭᠰᠠᠨ ᠶᠤᠮ᠃ ᠠᠪᠤ ᠡᠵᠢ ᠶᠢᠨ ᠢᠶᠠᠨ | ᠡᠵᠡᠭᠦᠢ ᠳᠤ ᠨᠠᠮ᠎ᠠ ᠶᠢ ᠬᠠᠨᠢ ᠲᠠᠲᠠᠨ ᠭᠡᠷ ᠲᠤ ᠪᠠᠨ ᠬᠤᠨᠣᠭᠤᠯᠣᠭᠰᠠᠨ ᠬᠠᠲᠣᠩᠭᠤᠸ᠎ᠠ ᠲᠡᠭᠡᠬᠦ ᠳᠤ ᠡᠬᠡ ᠠᠴᠠ ᠲᠥᠷᠥᠭᠰᠡᠨ ᠢᠶᠠᠷ ᠢᠶᠠᠨ ᠡᠪᠦᠷ ᠲᠤ ᠮᠢᠨᠢ ᠣᠷᠣᠵᠤ | ᠢᠷᠡᠨ ︽ᠴᠢ ᠣᠳᠣ ᠨᠥᠬᠦᠷ ᠨᠢ᠂ ᠪᠢ ᠡᠬᠡᠨᠡᠷ ᠨᠢ ᠪᠣᠯᠵᠤ ᠡᠨᠡ ᠰᠥᠨᠢ ᠶᠢ ᠥᠩᠭᠡᠷᠡᠭᠡᠶ᠎ᠡ︾ ᠭᠡᠰᠡᠨ ᠪᠢᠯᠡ᠃ ᠡᠶᠢᠮᠦ ᠶᠠᠭᠤᠮ᠎ᠠ ᠪᠣᠯᠣᠨ᠎ᠠ ᠴᠢᠨᠡᠭᠡ ᠪᠣᠳᠣᠵᠤ | ᠶᠠᠪᠤᠭ᠎ᠠ ᠦᠭᠡᠢ ᠨᠠᠮ᠎ᠠ ᠶᠢ ᠤᠴᠢᠷ ᠢᠶᠠᠨ ᠣᠯᠤᠭ᠎ᠠ ᠦᠭᠡᠢ ᠭᠠᠶᠢᠬᠠᠨ ᠮᠡᠩᠳᠡᠵᠦ ᠪᠠᠶᠢᠲᠠᠯ᠎ᠠ ᠬᠠᠲᠣᠩᠭᠤᠸ᠎ᠠ ᠬᠠᠴᠢᠨ ᠰᠣᠷᠮᠠᠭ ᠢᠶᠠᠷ ᠬᠠᠮᠤᠭ ᠬᠤᠪᠴᠠᠰᠤ ᠶᠢ ᠮᠢᠨᠢ | ᠲᠠᠶᠢᠯᠵᠤ ᠣᠷᠬᠢᠭᠰᠠᠨ ᠶᠤᠮ᠃ ᠡᠨᠡ ᠰᠥᠨᠢ ᠶᠢᠨ ᠵᠢᠭᠲᠡᠢ ᠶᠠᠪᠤᠳᠠᠯ ᠨᠠᠮ᠎ᠠ ᠶᠢ ᠬᠠᠲᠣᠩᠭᠤᠸ᠎ᠠ ᠠᠴᠠ ᠨᠢᠭᠡᠮᠦᠰᠦᠨ ᠬᠥᠨᠳᠡᠶᠢᠷᠡᠬᠦ ᠰᠢᠯᠲᠠᠭᠠᠨ ᠪᠣᠯᠣᠭᠰᠠᠨ ᠪᠥᠭᠡᠳ | ᠲᠡᠭᠦᠨ ᠤ ᠲᠡᠷᠡ ᠬᠦ ᠡᠷᠡᠭᠡ ᠴᠡᠭᠡᠷ ᠦᠭᠡᠢ ᠪᠠᠶᠢᠳᠠᠯ ᠵᠢᠭᠰᠢᠬᠦ᠂ ᠵᠢᠪᠡᠭᠦᠴᠡᠬᠦ ᠰᠡᠳᠬᠢᠯ ᠢ ᠲᠥᠷᠥᠭᠦᠯᠦᠭᠰᠡᠨ ᠪᠢᠯᠡ᠃ ᠮᠢᠨᠤ ᠡᠭ ᠮᠡᠭ ᠦᠭᠡᠢ ᠬᠠᠴᠢᠨ | ᠪᠠᠶᠢᠳᠠᠯ ᠠᠴᠠ ᠶᠠᠮᠠᠷ ᠨᠢᠭᠡᠨ ᠰᠠᠨᠠᠭ᠎ᠠ ᠠᠪᠤᠭᠰᠠᠨ ᠴᠦ ᠶᠤᠮ ᠦᠦ ᠬᠠᠲᠣᠩᠭᠤᠸ᠎ᠠ ︽ᠴᠢ ᠨᠠᠳᠠ ᠳᠤ ᠢᠲᠡᠭᠡᠬᠦ ᠬᠡᠷᠡᠭᠲᠡᠢ᠃ ᠲᠡᠭᠡᠬᠦ ᠦᠭᠡᠢ ᠪᠣᠯ ᠪᠢ ᠶᠠᠭ | ᠳᠣᠮᠤᠭ ᠲᠤ ᠭᠠᠷᠳᠠᠭ ᠪᠦᠰᠡᠭᠦᠢ ᠰᠢᠭ ᠴᠡᠴᠡᠭᠲᠦ ᠲᠣᠯᠣᠭᠠᠳ ᠳᠡᠭᠡᠷ᠎ᠡ ᠭᠠᠷᠴᠤ ᠰᠠᠭᠤᠭᠠᠳ ᠤᠬᠢᠯᠠᠬᠤ ᠪᠣᠯᠣᠨ᠎ᠠ︾ ᠭᠡᠰᠡᠨ ᠶᠤᠮ᠃ ᠪᠢ ᠬᠠᠲᠣᠩᠭᠤᠸ᠎ᠠ ᠶᠢ | ᠢᠲᠡᠭᠡᠭᠡ ᠦᠭᠡᠢ᠃ ᠬᠠᠲᠣᠩᠭᠤᠸ᠎ᠠ ᠶᠢ ᠴᠡᠴᠡᠭᠲᠦ ᠲᠣᠯᠣᠭᠠᠳ ᠳᠡᠭᠡᠷ᠎ᠡ ᠭᠠᠷᠤᠭᠠᠳ ᠳᠣᠮᠤᠭ ᠲᠤ ᠭᠠᠷᠳᠠᠭ ᠪᠦᠰᠡᠭᠦᠢ ᠰᠢᠭ ᠤᠬᠢᠯᠠᠨ᠎ᠠ ᠭᠡᠵᠦ ᠪᠣᠳᠤᠭ᠎ᠠ ᠦᠭᠡᠢ | ᠪᠢᠯᠡ᠃ | ᠳᠥᠷᠪᠡ | ᠪᠢ ᠬᠠᠲᠣᠩᠭᠤᠸ᠎ᠠ ᠠᠴᠠ ᠰᠡᠳᠬᠢᠯ ᠢᠶᠠᠨ ᠬᠥᠨᠳᠡᠶᠢᠷᠡᠭᠦᠯᠬᠦ ᠭᠡᠵᠦ ᠬᠢᠷᠢᠨ ᠳᠤ ᠪᠠᠨ ᠬᠢᠴᠢᠶᠡᠭᠰᠡᠨ᠃ ᠨᠢᠳᠦᠨ ᠪᠤᠯᠠᠭ ᠤᠨ ᠳᠡᠷᠭᠡᠳᠡ ᠣᠴᠢᠨ ᠦᠨᠡᠨ | ᠰᠠᠨᠠᠭᠠᠨ ᠠᠴᠠ ᠴᠦ ᠤᠬᠢᠯᠠᠵᠤ ᠦᠵᠡᠭᠰᠡᠨ᠃ ᠭᠠᠶᠢᠬᠠᠯᠲᠠᠢ ᠨᠢ᠂ ᠪᠢ ᠬᠠᠲᠣᠩᠭᠤᠸ᠎ᠠ ᠶᠢ ᠲᠡᠳᠦᠢ ᠯᠠ ᠤᠳᠠᠯ ᠦᠭᠡᠢ ᠮᠠᠷᠲᠠᠵᠤ ᠣᠷᠬᠢᠭᠰᠠᠨ ᠶᠤᠮ᠃ ᠮᠠᠭᠠᠳ | ᠦᠭᠡᠢ᠂ ᠥᠪᠡᠷ ᠢᠶᠠᠨ ᠡᠪᠦᠷ ᠢᠶᠠᠨ ᠨᠡᠭᠡᠭᠡᠭᠰᠡᠨ ᠪᠦᠰᠡᠭᠦᠢ ᠶᠢ ᠡᠷ᠎ᠡ ᠬᠥᠮᠥᠨ ᠠᠮᠠᠷᠬᠠᠨ ᠮᠠᠷᠲᠠᠳᠠᠭ ᠪᠣᠯᠣᠭᠠᠳ ᠯᠠ ᠲᠡᠷᠡ ᠪᠢᠵᠡ᠃ ᠬᠠᠷᠢᠨ ᠲᠡᠷᠡ ᠵᠤᠨ ᠨᠢ | ᠬᠠᠲᠣᠩᠭᠤᠸ᠎ᠠ ᠵᠢᠷᠮᠦᠰᠦᠨ ᠪᠣᠯᠴᠢᠬᠠᠭᠰᠠᠨ ᠪᠠᠶᠢᠭᠰᠠᠨ᠃ ᠡᠳᠦᠷ ᠠᠴᠠ ᠡᠳᠦᠷ ᠲᠤ ᠲᠣᠮᠣᠷᠠᠬᠤ ᠭᠡᠳᠡᠰᠦ ᠪᠠᠨ ᠬᠥᠮᠥᠨ ᠠᠴᠠ ᠢᠴᠢᠩᠭᠦ᠋ᠢᠷᠡᠨ ᠨᠢᠭᠤᠵᠤ᠂ ᠴᠡᠴᠡᠭᠲᠦ | ᠲᠣᠯᠣᠭᠠᠳ ᠤᠨ ᠣᠷᠣᠢ ᠳᠤ ᠭᠠᠷᠴᠤ ᠰᠠᠭᠤᠬᠤ ᠬᠠᠲᠣᠩᠭᠤᠸ᠎ᠠ ᠶᠢ ᠪᠢ ᠪᠤᠰᠤᠳ ᠤᠨ ᠠᠳᠠᠯᠢ ᠵᠢᠭᠰᠢᠨ ᠵᠢᠪᠡᠭᠦᠴᠡᠬᠦ ᠪᠣᠯᠣᠭᠰᠠᠨ ᠪᠢᠯᠡ᠃ ᠮᠠᠨ ᠤ | ᠰᠠᠭᠤᠷᠢᠨ ᠤ ᠬᠢᠨ ᠬᠠᠲᠣᠩᠭᠤᠸ᠎ᠠ ᠶᠢ ᠬᠥᠭᠵᠢᠮ ᠤᠨ ᠪᠠᠭᠰᠢ ᠵᠠᠯᠠᠭᠤ ᠶᠢ ᠳᠠᠭᠠᠵᠤ ᠭᠦᠶᠦᠵᠦ ᠪᠠᠶᠢᠭᠠᠳ ᠵᠢᠷᠮᠦᠰᠦᠯᠡᠭᠰᠡᠨ ᠭᠡᠵᠦ ᠬᠤᠪ ᠵᠢᠪ ᠪᠣᠯᠭᠠᠨ | ᠶᠠᠷᠢᠵᠠᠭᠠᠭᠰᠠᠨ᠃ ᠪᠢ ᠰᠠᠭᠤᠷᠢᠨ ᠤ ᠪᠠᠨ ᠬᠥᠮᠥᠰ ᠤᠨ ᠶᠠᠷᠢᠶᠠᠨ ᠳᠤ ᠦᠨᠡᠨ ᠰᠡᠳᠬᠢᠯ ᠠᠴᠠ ᠪᠠᠨ ᠢᠲᠡᠭᠡᠵᠦ ᠪᠠᠶᠢᠭᠰᠠᠨ᠃ ᠲᠡᠭᠡᠬᠦ ᠲᠡᠭᠡᠬᠦ ᠳᠤ ᠪᠠᠨ ᠪᠦᠷ ︽ | ᠬᠤᠬᠢ ᠨᠢ᠂ ᠪᠣᠯᠵᠠᠢ ᠁︾ ᠬᠡᠮᠡᠨ ᠳᠣᠲᠣᠷ᠎ᠠ ᠪᠠᠨ ᠲᠠᠪᠠᠯᠠᠵᠣ ᠪᠠᠶᠢᠭᠰᠠᠨ ᠶᠤᠮ᠃ ᠲᠡᠷᠡ ᠦᠶ᠎ᠡ ᠳᠤ ᠪᠢ ︽ᠴᠡᠴᠡᠭᠲᠦ ᠲᠣᠯᠣᠭᠠᠳ ᠲᠤ ᠣᠶᠢᠷ᠎ᠠ ᠣᠶᠢᠷᠠᠬᠠᠨ | ᠭᠠᠷᠤᠭᠠᠳ ᠪᠠᠶᠢᠪᠠᠯ ᠡᠮᠡᠭᠲᠡᠢ ᠬᠥᠮᠥᠨ ᠥᠪᠡᠷ ᠤᠨ ᠮᠡᠳᠡᠯ ᠦᠭᠡᠢ ᠬᠦᠰᠡᠭᠡ ᠦᠭᠡᠢ ᠵᠢᠷᠮᠦᠰᠦᠯᠡᠯ ᠲᠠᠢ ᠤᠴᠠᠷᠠᠳᠠᠭ︾ ᠭᠡᠰᠡᠨ ᠬᠠᠲᠣᠩᠭᠤᠸ᠎ᠠ ᠶᠢᠨ ᠦᠭᠡ ᠶᠢ ᠴᠦ | ᠮᠠᠷᠲᠠᠴᠢᠬᠠᠭᠰᠠᠨ ᠪᠠᠶᠢᠭᠰᠠᠨ ᠶᠤᠮ᠃ ᠲᠡᠷᠡ ᠦᠭᠡ ᠶᠢ ᠮᠠᠷᠲᠠᠬᠤ ᠪᠣᠯᠣᠭᠰᠠᠨ ᠰᠢᠯᠲᠠᠭᠠᠨ ᠮᠠᠨ ᠤ ᠰᠠᠭᠤᠷᠢᠨ ᠤ ᠬᠢᠨ ᠤ ᠠᠮᠠᠨ ᠤ ᠫᠠᠢ ᠪᠣᠯᠣᠭᠠᠳ ᠪᠠᠶᠢᠭᠰᠠᠨ | ᠬᠠᠲᠣᠩᠭᠤᠸ᠎ᠠ᠂ ᠬᠥᠭᠵᠢᠮ ᠤᠨ ᠪᠠᠭᠰᠢ ᠬᠤᠶᠠᠷ ᠤᠨ ᠲᠤᠬᠠᠢ ᠶᠠᠷᠢᠶ᠎ᠠ ᠪᠠᠶᠢᠭᠰᠠᠨ ᠪᠢᠯᠡ᠃ | ᠲᠠᠪᠤ | ᠬᠠᠲᠣᠩᠭᠤᠸ᠎ᠠ ᠶᠢᠨ ᠬᠡᠪᠡᠯᠢ ᠳᠤ ᠪᠤᠢ ᠬᠡᠦᠬᠡᠳ ᠢ ᠬᠥᠮᠥᠨ ᠪᠣᠯᠭᠠᠨ ᠯᠠ ᠬᠥᠭᠵᠢᠮ ᠤᠨ ᠪᠠᠭᠰᠢ ᠵᠠᠯᠠᠭᠤ ᠶᠢᠨ ᠬᠢ ᠭᠡᠵᠦ ᠢᠲᠡᠭᠡᠵᠦ ᠪᠠᠶᠢᠯ᠎ᠠ᠃ ᠪᠢ ᠴᠦ ᠲᠡᠷᠡ | ᠦᠭᠡᠨ ᠳᠤ ᠢᠲᠡᠭᠡᠵᠦ ᠪᠠᠶᠢᠭᠰᠠᠨ᠃ ᠮᠠᠨ ᠤ ᠰᠤᠷᠭᠠᠭᠤᠯᠢ ᠶᠢᠨ ᠬᠡᠦᠬᠡᠳ ᠤᠳ ᠤᠨ ᠬᠠᠮᠤᠭ ᠤᠨ ᠶᠡᠭᠡ ᠳᠤᠷᠠᠯᠠᠳᠠᠭ ᠪᠠᠶᠢᠭᠰᠠᠨ ᠬᠥᠭᠵᠢᠮ ᠤᠨ ᠳᠤᠭᠤᠶᠢᠯᠠᠩ ᠳᠤ | ᠲᠡᠳᠦᠢ ᠤᠳᠠᠯ ᠦᠭᠡᠢ ᠨᠢᠭᠡ ᠴᠦ ᠬᠡᠦᠬᠡᠳ ᠣᠴᠢᠬᠤ ᠪᠠᠨ ᠪᠣᠯᠢᠭᠰᠠᠨ ᠪᠢᠯᠡ᠃ ᠣᠯᠠᠨ ᠤ ᠶᠠᠷᠢᠶᠠᠨ ᠤ ᠫᠠᠢ ᠪᠣᠯᠣᠭᠠᠳ ᠪᠠᠶᠢᠭ᠎ᠠ ᠪᠠᠨ ᠮᠡᠳᠡᠭᠰᠡᠨ ᠴᠦ ᠶᠤᠮ ᠦᠦ᠂ | ᠡᠰᠡ ᠮᠡᠳᠡᠭᠰᠡᠨ ᠴᠦ ᠶᠤᠮ ᠦᠦ ᠲᠣᠯᠣᠭᠠᠢ ᠭᠤᠳᠦ᠋ᠢᠨ ᠠᠯᠬᠤᠬᠤ ᠬᠥᠭᠵᠢᠮ ᠤᠨ ᠪᠠᠭᠰᠢ ᠵᠠᠯᠠᠭᠤ ᠮᠠᠨ ᠤ ᠰᠤᠷᠭᠠᠭᠤᠯᠢ ᠶᠢᠨ ᠬᠢᠨ ᠤ ᠨᠢᠳᠦᠨ ᠳᠤ ᠣᠷᠣᠭᠰᠠᠨ | ᠥᠷᠭᠡᠰᠦ ᠪᠣᠯᠵᠤ ᠪᠠᠶᠢᠭᠰᠠᠨ ᠢ ᠪᠢ ᠰᠠᠶᠢᠨ ᠰᠠᠨᠠᠵᠤ ᠶᠠᠪᠤᠳᠠᠭ ᠶᠤᠮ᠃ ᠨᠢᠭᠡ ᠤᠳᠠᠭ᠎ᠠ ᠰᠢᠤᠳᠠᠨ ᠤ ᠰᠠᠯᠪᠤᠷᠢ ᠠᠴᠠ ᠣᠷᠣᠵᠤ ᠦᠪᠡᠷ ᠲᠤ ᠨᠢ ᠵᠠᠬᠢᠶ᠎ᠠ ᠢᠷᠡᠭᠰᠡᠨ | ᠡᠰᠡᠬᠦ ᠶᠢ ᠠᠰᠠᠭᠤᠭᠰᠠᠨ ᠲᠡᠭᠦᠨ ᠢ ᠰᠢᠦᠳᠠᠨᠴᠢ ᠪᠦᠰᠡᠭᠦᠢ ᠨᠢᠭᠡ ᠯᠠ ᠶᠣᠣᠵᠠ ᠦᠭᠡᠢ ᠨᠢᠳᠦ ᠪᠠᠷ ᠬᠠᠷᠠᠵᠤ᠂ ︽ᠴᠢ ᠡᠳᠦᠷ ᠪᠣᠯᠭᠠᠨ ᠰᠢᠬᠠᠭᠤ ᠯᠠ ᠵᠠᠬᠢᠶ᠎ᠠ | ᠰᠤᠷᠠᠬᠤ ᠶᠤᠮ᠃ ᠴᠢᠮ᠎ᠠ ᠳᠤ ᠵᠠᠬᠢᠶ᠎ᠠ ᠪᠢᠴᠢᠬᠦ ᠠᠷᠢᠭᠤᠨ ᠶᠠᠪᠤᠳᠠᠯᠲᠤ ᠬᠥᠮᠥᠨ ᠡᠨᠡ ᠣᠷᠴᠢᠯᠠᠩ ᠳᠡᠭᠡᠷ᠎ᠡ ᠪᠠᠶᠢᠳᠠᠭ ᠶᠤᠮ ᠦᠦ︖︾ ᠭᠡᠵᠦ ᠲᠠᠪᠠᠯᠠᠬᠤ᠂ | ᠦᠵᠡᠨ ᠶᠠᠳᠠᠬᠤ ᠬᠤᠣᠰᠯᠠᠭᠤᠯᠤᠨ ᠬᠡᠯᠡᠬᠦ ᠶᠢ ᠪᠢ ᠰᠣᠨᠣᠰᠤᠭᠰᠠᠨ ᠶᠤᠮ᠃ ᠲᠡᠭᠡᠬᠦ ᠳᠤ ᠬᠥᠭᠵᠢᠮ ᠤᠨ ᠪᠠᠭᠰᠢ ᠵᠠᠯᠠᠭᠤ ᠨᠢᠭᠡ ᠯᠡ ᠭᠠᠶᠢᠬᠠᠭᠰᠠᠨ᠂ ᠴᠥᠬᠦᠷᠡᠭᠰᠡᠨ | ᠬᠠᠷᠠᠴᠠ ᠪᠠᠷ ᠰᠢᠤᠳᠠᠨᠴᠢ ᠶᠢ ᠬᠠᠷᠠᠴᠢᠬᠠᠭᠠᠳ ᠭᠠᠷᠴᠤ ᠪᠢᠯᠡ᠃ ᠲᠡᠷᠡ ᠬᠠᠷᠠᠴᠠ ᠶᠠᠭ ᠶᠠᠭᠤ ᠬᠡᠯᠡᠭᠰᠡᠨ ᠢ ᠣᠳᠣ ᠪᠣᠯᠲᠠᠯ᠎ᠠ ᠪᠣᠳᠣᠭᠠᠳ ᠣᠯᠳᠠᠳᠠᠭ ᠦᠭᠡᠢ ᠶᠤᠮ᠃ | | ᠵᠢᠷᠭᠤᠭ᠎ᠠ | ᠠᠷᠪᠠᠨ ᠶᠢᠰᠦᠨ ᠨᠠᠰᠤ ᠳᠥᠩᠭᠡᠵᠦ ᠬᠦᠷᠬᠦ ᠭᠡᠵᠦ ᠪᠠᠶᠢᠭᠰᠠᠨ ᠲᠡᠷᠡ ᠨᠠᠮᠣᠷ ᠢᠶᠠᠨ ᠬᠠᠲᠣᠩᠭᠤᠸ᠎ᠠ ᠬᠡᠦᠬᠡᠳ ᠢᠶᠠᠨ ᠲᠥᠷᠥᠭᠦᠯᠬᠦ ᠭᠡᠳ ᠲᠥᠷᠥᠭᠦᠯᠵᠦ ᠴᠢᠳᠠᠭ᠎ᠠ | ᠦᠭᠡᠢ ᠨᠠᠰᠤ ᠪᠠᠷᠠᠭᠰᠠᠨ ᠶᠤᠮ᠃ ᠶᠠᠮᠠᠷ ᠴᠦ ᠪᠠᠶᠢᠭᠰᠠᠨ ᠬᠠᠲᠣᠩᠭᠤᠸ᠎ᠠ ᠦᠬᠦᠶ᠎ᠡ ᠭᠡᠵᠦ ᠪᠣᠳᠤᠭ᠎ᠠ ᠦᠭᠡᠢ ᠯᠡ ᠪᠠᠶᠢᠭᠰᠠᠨ ᠪᠠᠶᠢᠬᠤ᠃ ᠬᠡᠷᠪᠡ ᠬᠠᠲᠣᠩᠭᠤᠸ᠎ᠠ | ᠦᠬᠦᠶ᠎ᠡ ᠭᠡᠵᠦ ᠪᠣᠳᠣᠭᠰᠠᠨ ᠪᠣᠯ ᠲᠥᠷᠥᠬᠦ ᠶᠢ ᠬᠦᠰᠡᠬᠦ ᠦᠭᠡᠢ ᠪᠠᠶᠢᠭᠰᠠᠨ ᠪᠠᠶᠢᠬᠤ ᠠ᠋᠃ ᠬᠠᠷᠢᠨ ᠬᠠᠲᠣᠩᠭᠤᠸ᠎ᠠ ᠨᠠᠰᠤ ᠪᠠᠷᠠᠬᠤ ᠶᠢᠨ ᠢᠶᠠᠨ ᠡᠮᠦᠨ᠎ᠡ ᠨᠠᠳᠠ ᠳᠤ | ᠵᠠᠬᠢᠶ᠎ᠠ ᠥᠭᠭᠦᠭᠦᠯᠦᠭᠰᠡᠨ ᠶᠤᠮ᠃ ᠥᠷᠯᠥᠭᠡ ᠣᠷᠣᠨ ᠠᠴᠠ ᠪᠠᠨ ᠪᠣᠰᠤᠭ᠎ᠠ ᠦᠭᠡᠢ ᠬᠡᠪᠲᠡᠵᠦ ᠪᠠᠶᠢᠭᠰᠠᠨ ᠨᠠᠳᠠ ᠳᠤ ᠡᠵᠢ ︽ᠬᠠᠲᠣᠩᠭᠤᠸ᠎ᠠ ᠡᠨᠡ ᠵᠠᠬᠢᠶ᠎ᠠ ᠶᠢ | ᠴᠢᠮ᠎ᠠ ᠳᠤ ᠥᠭᠭᠦᠭᠦᠯᠵᠦ ᠪᠠᠶᠢᠨ᠎ᠠ︾ ᠬᠡᠮᠡᠨ ᠳᠥᠷᠪᠡᠯᠵᠢᠯᠡᠵᠦ ᠨᠤᠭᠤᠯᠤᠭᠰᠠᠨ ᠪᠢᠴᠢᠬᠠᠨ ᠵᠠᠬᠢᠶ᠎ᠠ ᠶᠢ ᠥᠭᠭᠦᠭᠰᠡᠨ ᠶᠤᠮ᠃ ᠡᠵᠢ ᠶᠢᠨ ᠠᠪᠴᠤ ᠢᠷᠡᠭᠰᠡᠨ | ᠵᠠᠬᠢᠶ᠎ᠠ ᠶᠢ ᠪᠢ ᠵᠠᠳᠠᠯᠵᠤ ᠴᠦ ᠦᠵᠡᠭᠡ ᠦᠭᠡᠢ ᠭᠠᠯ ᠤᠷᠤᠭᠤ ᠴᠢᠯᠠᠭᠤᠳᠠᠴᠢᠬᠠᠭᠰᠠᠨ ᠪᠢᠯᠡ᠃ ᠬᠠᠲᠣᠩᠭᠤᠸ᠎ᠠ ᠶᠢᠨ ᠲᠡᠷᠡ ᠵᠠᠬᠢᠶ᠎ᠠ ᠶᠢ ᠢᠳᠡ ᠳᠦᠷᠡᠯᠵᠡᠵᠦ | ᠪᠠᠶᠢᠭᠰᠠᠨ ᠭᠠᠯ ᠶᠠᠭᠠᠬᠢᠬᠤ ᠢᠢᠬᠦ ᠶᠢᠨ ᠵᠠᠭᠤᠷ᠎ᠠ ᠦᠭᠡᠢ ᠵᠠᠯᠭᠢᠵᠤ ᠣᠷᠬᠢᠭᠰᠠᠨ ᠶᠤᠮ᠃ ᠲᠡᠭᠡᠬᠦ ᠳᠤ ᠡᠵᠢ ︽ᠶᠠᠭᠠᠬᠢᠵᠤ ᠪᠠᠶᠢᠨ᠎ᠠ ᠠ᠋᠂ ᠴᠢ︖ ᠦᠶ᠎ᠡ ᠶᠢᠨ ᠶᠤᠮ | ᠪᠣᠯᠬᠤ ᠪᠠᠷ ᠯᠠ ᠬᠠᠲᠣᠩᠭᠤᠸ᠎ᠠ ᠴᠢᠮ᠎ᠠ ᠳᠤ ᠵᠣᠪᠠᠯᠠᠩ ᠵᠢᠷᠭᠠᠯ ᠢᠶᠠᠨ ᠪᠢᠴᠢᠭᠡ ᠪᠢᠵᠡ᠃ ᠬᠥᠮᠥᠨ ᠤ ᠰᠡᠳᠬᠢᠯ ᠢ ᠬᠤᠪᠢᠶᠠᠯᠴᠠᠴᠢᠬᠠᠬᠤ ᠳᠤ ᠶᠠᠭᠠᠬᠢᠳᠠᠭ ᠪᠠᠶᠢᠨ᠎ᠠ ᠠ᠋ | ︖ ᠲᠤᠰᠠ ᠦᠭᠡᠢ ᠬᠡᠦᠬᠡᠳ ᠪᠤᠢ᠂ ᠴᠢ︾ ᠭᠡᠵᠦ ᠢᠯᠡᠳᠲᠡ ᠬᠡᠷᠡᠭ ᠲᠤ ᠳᠤᠷᠠᠯᠠᠭᠰᠠᠨ ᠶᠠᠩᠵᠤ ᠲᠠᠢ ᠬᠠᠷᠠᠮᠰᠠᠩᠭᠤᠢ ᠥᠭᠦᠯᠡᠵᠦ ᠪᠢᠯᠡ᠃ | ᠳᠣᠯᠤᠭ᠎ᠠ | ᠬᠠᠲᠣᠩᠭᠤᠸ᠎ᠠ ᠶᠢᠨ ᠬᠡᠦᠬᠡᠳ ᠴᠦ ᠬᠥᠮᠥᠨ ᠪᠣᠯᠵᠤ ᠴᠢᠳᠠᠭ᠎ᠠ ᠦᠭᠡᠢ ᠶᠤᠮ᠃ ᠡᠨᠡ ᠲᠤᠬᠠᠢ ᠮᠠᠨ ᠤ ᠠᠪᠤ ᠡᠵᠢ ᠬᠤᠶᠠᠷ ︽ᠬᠤᠶᠠᠷ ᠤᠨ ᠬᠤᠶᠠᠷ ᠠᠮᠢ ᠨᠢᠭᠡ | ᠳᠣᠣᠷ᠎ᠠ ᠡᠷᠡᠰᠳᠡᠯᠡ᠃ ᠨᠢᠯᠬ᠎ᠠ ᠠᠮᠢᠲᠠᠨ ᠶᠠᠭᠠᠬᠢᠵᠤ ᠴᠦ ᠲᠥᠷᠥᠯᠲᠡ ᠶᠢᠨ ᠬᠦᠨᠳᠦᠷᠡᠯ ᠳᠠᠭᠠᠭᠠᠬᠤ ᠪᠢᠯᠡ ᠳ᠋ᠡ᠃ ᠡᠮᠴᠢ ᠨᠠᠷ ᠶᠠᠳᠠᠵᠤ ᠬᠡᠦᠬᠡᠳ ᠢ ᠨᠢ ᠬᠥᠮᠥᠨ | ᠪᠣᠯᠭᠠᠴᠢᠬᠠᠶ᠎ᠠ ᠭᠡᠵᠦ ᠬᠢᠴᠢᠶᠡᠭᠡᠳ ᠳᠡᠶᠢᠯᠦᠭᠡ ᠦᠭᠡᠢ ᠭᠡᠨ᠎ᠡ᠃ ᠮᠠᠭᠤᠬᠠᠢ ᠯᠠ ᠶᠠᠭᠤᠮ᠎ᠠ ᠪᠣᠯᠣᠯ᠎ᠠ ᠳ᠋ᠠ︾ ᠬᠡᠮᠡᠨ ᠶᠠᠷᠢᠵᠤ ᠪᠠᠶᠢᠭᠰᠠᠨ ᠶᠤᠮ᠃ | ᠨᠠᠢᠮᠠ | ᠬᠠᠲᠣᠩᠭᠤᠸ᠎ᠠ ᠶᠢᠨ ᠬᠤᠪᠢ ᠵᠠᠶᠠᠭ᠎ᠠ ᠢᠩᠭᠢᠵᠦ ᠣᠨᠢᠰᠤᠭ᠎ᠠ ᠠᠳᠠᠯᠢ ᠳᠠᠭᠤᠰᠤᠭᠰᠠᠨ ᠶᠤᠮ᠃ ᠪᠦᠬᠦ ᠬᠥᠮᠥᠨ ᠳᠤ ᠭᠡᠮᠲᠡᠨ ᠭᠡᠵᠦ ᠰᠠᠨᠠᠭᠳᠠᠵᠤ ᠪᠠᠶᠢᠭᠰᠠᠨ | ᠬᠥᠭᠵᠢᠮ ᠤᠨ ᠪᠠᠭᠰᠢ ᠵᠠᠯᠠᠭᠤ ᠴᠦ ᠲᠡᠷᠡ ᠨᠠᠮᠣᠷ ᠢᠶᠠᠨ ᠬᠠᠮᠢᠭ᠎ᠠ ᠨᠢᠭᠡ ᠲᠡᠶᠢᠰᠢ ᠪᠠᠨ ᠠᠷᠢᠯᠵᠤ ᠣᠳᠣᠭᠰᠠᠨ ᠪᠢᠯᠡ᠃ ᠲᠡᠭᠡᠬᠦ ᠳᠤ ᠪᠠᠨ ᠲᠡᠷᠡ ᠪᠠᠷ ︽ᠪᠢ ᠶᠠᠮᠠᠷ | ᠴᠦ ᠪᠤᠷᠤᠭᠤ ᠦᠭᠡᠢ ᠰᠢᠦ︾ ᠭᠡᠳᠡᠭ ᠭᠠᠭᠴᠠ ᠥᠭᠦᠯᠡᠪᠦᠷᠢ ᠶᠢ ᠬᠡᠯᠡᠵᠦ ᠴᠢᠳᠠᠭ᠎ᠠ ᠦᠭᠡᠢ ᠶᠤᠮ᠃ ᠮᠠᠭᠠᠳ ᠦᠭᠡᠢ᠂ ᠲᠡᠭᠦᠨ ᠳᠤ ᠲᠡᠭᠡᠵᠦ ᠬᠡᠯᠡᠬᠦ ᠪᠣᠯᠣᠮᠵᠢ | ᠪᠠᠶᠢᠭ᠎ᠠ ᠦᠭᠡᠢ ᠴᠦ ᠶᠤᠮ ᠪᠢᠯᠡ ᠦᠦ︖ ᠲᠡᠭᠡᠵᠦ ᠬᠡᠯᠡᠭᠰᠡᠨ ᠪᠠᠶᠢᠯ᠎ᠠ ᠴᠦ ᠭᠡᠰᠡᠨ ᠬᠥᠮᠥᠰ ᠲᠡᠭᠦᠨ ᠳᠤ ᠢᠲᠡᠭᠡᠬᠦ ᠦᠭᠡᠢ ᠪᠠᠶᠢᠭᠰᠠᠨ ᠪᠢᠵᠡ᠃ ᠴᠢᠩ | ᠦᠨᠡᠨ ᠳᠤ ᠪᠠᠨ ᠪᠦᠬᠦ ᠦᠨᠡᠨ ᠢ ᠬᠠᠲᠣᠩᠭᠤᠸ᠎ᠠ ᠬᠡᠦᠬᠡᠳ ᠲᠠᠢ ᠪᠠᠨ ᠬᠠᠮᠲᠤ ᠡᠭᠦᠷᠢᠳᠡ ᠠᠪᠤᠭᠠᠳ ᠶᠠᠪᠤᠴᠢᠬᠠᠭᠰᠠᠨ ᠪᠢᠯᠡ᠃ ᠬᠤᠵᠢᠮ ᠨᠢ ᠬᠠᠲᠣᠩᠭᠤᠸ᠎ᠠ ᠶᠢᠨ | ᠠᠪᠤ ᠡᠵᠢ ᠬᠤᠶᠠᠷ ᠠᠶᠢᠯ ᠰᠠᠭᠠᠬᠠᠯᠲᠠ ᠶᠢᠨ ᠢᠶᠠᠨ ᠬᠥᠮᠥᠰ ᠲᠤ ︽ᠬᠠᠲᠣᠩᠭᠤᠸ᠎ᠠ ᠴᠠᠭ ᠨᠢ ᠪᠣᠯᠬᠤ ᠪᠠᠷ ᠪᠦᠬᠦ ᠦᠨᠡᠨ ᠢ ᠥᠪᠡᠷ ᠢᠶᠠᠨ ᠬᠡᠯᠡᠨ᠎ᠡ ᠭᠡᠳᠡᠭ ᠪᠠᠶᠢᠭᠰᠠᠨ | ᠶᠤᠮ︾ ᠬᠡᠮᠡᠨ ᠶᠠᠷᠢᠭᠰᠠᠨ ᠪᠠᠶᠢᠵᠤ ᠪᠢᠯᠡ᠃ | ᠶᠢᠰᠦ | ᠪᠢ ᠰᠠᠶ᠋ᠢᠬᠠᠨ ᠴᠡᠴᠡᠭᠲᠦ ᠲᠣᠯᠣᠭᠠᠳ ᠳᠡᠭᠡᠷ᠎ᠡ ᠭᠠᠷᠴᠤ ᠪᠠᠭ᠋ᠠᠨ ᠰᠠᠭᠤᠯ᠎ᠠ᠃ ᠲᠡᠷᠡ ᠶᠠᠪᠤᠳᠠᠯ ᠠᠴᠠ ᠬᠤᠶᠢᠰᠢ ᠬᠤᠷᠢᠭᠠᠳ ᠵᠢᠯ ᠪᠣᠯᠵᠠᠢ᠃ ᠡᠨᠡ ᠬᠤᠷᠢᠨ | ᠵᠢᠯ ᠤᠨ ᠳᠣᠲᠣᠷ᠎ᠠ ᠣᠯᠠᠨ ᠶᠠᠭᠤᠮ᠎ᠠ ᠥᠭᠡᠷᠡᠴᠢᠯᠡᠭᠳᠡᠵᠡᠢ᠃ ᠮᠠᠨ ᠤ ᠰᠠᠭᠤᠷᠢᠨ ᠤ ᠲᠠᠨᠢᠳᠠᠭ ᠬᠥᠮᠥᠰ ᠤᠨ ᠮᠠᠨᠢ ᠶᠡᠬᠡᠩᠬᠢ ᠨᠢ ᠪᠤᠷᠬᠠᠨ ᠤ ᠣᠷᠣᠨ ᠤᠷᠤᠭᠤ | ᠣᠳᠴᠤ᠂ ᠦᠯᠡᠳᠡᠭᠰᠡᠨ ᠵᠠᠷᠢᠮ ᠨᠢ ᠠᠮᠢ ᠠᠮᠢᠳᠤᠷᠠᠯ ᠤᠨ ᠢᠶᠠᠨ ᠮᠥᠷ ᠢ ᠬᠥᠭᠡᠭᠡᠨ ᠬᠠᠮᠢᠭ᠎ᠠ ᠨᠢᠭᠡ ᠲᠡᠶᠢᠰᠢ ᠪᠠᠨ ᠰᠢᠯᠵᠢᠨ ᠣᠳᠴᠠᠢ᠃ ᠬᠠᠲᠣᠩᠭᠤᠸ᠎ᠠ ᠶᠢᠨ | ᠭᠡᠷ ᠤᠨ ᠪᠠᠭᠤᠷᠢ ᠴᠦ ᠲᠡᠷᠡ᠂ ᠮᠠᠨ ᠤ ᠭᠡᠷ ᠤᠨ ᠪᠠᠭᠤᠷᠢ ᠴᠦ ᠲᠡᠷᠡ ᠢᠯᠭᠠᠯ ᠦᠭᠡᠢ ᠡᠯᠳᠡᠪ ᠯᠣᠣᠯᠢ᠂ ᠰᠢᠷᠠᠯᠵᠢᠨ ᠳᠤ ᠳᠠᠷᠤᠭᠳᠠᠨ ᠪᠠᠷᠤᠭ ᠡᠳᠡᠭᠡᠷᠡᠵᠡᠢ᠃ | ᠬᠠᠷᠢᠨ ᠮᠢᠨᠤ ᠰᠡᠳᠬᠢᠯ ᠤᠨ ᠭᠦᠨ ᠳᠤ ᠬᠢ ᠲᠡᠷᠡ ᠨᠢᠭᠡᠨ ᠰᠢᠷᠬ᠎ᠠ ᠶᠡᠷᠦ ᠠᠴᠠ ᠪᠠᠨ ᠡᠳᠡᠭᠡᠭᠡ ᠦᠭᠡᠢ ᠪᠢᠯᠡ᠃ ᠮᠡᠳᠡᠭᠡᠵᠢ᠂ ᠲᠡᠷᠡ ᠰᠢᠷᠬᠠᠨ ᠤ ᠭᠦᠨᠵᠡᠭᠡᠢ | ᠰᠣᠷᠪᠢ ᠨᠢ ᠬᠠᠲᠣᠩᠭᠤᠸ᠎ᠠ ᠶᠢᠨ ᠨᠠᠳᠠ ᠳᠤ ᠥᠭᠭᠦᠭᠰᠡᠨ ᠵᠠᠬᠢᠳᠠᠯ ᠪᠠᠶᠢᠭᠰᠠᠨ ᠶᠤᠮ᠃ ᠲᠡᠷᠡ ᠪᠠᠶᠢᠵᠤ ᠪᠣᠯᠬᠤ ᠦᠨᠡᠨ ᠢ ᠪᠢ ᠥᠪᠡᠷ ᠢᠶᠠᠨ ᠤᠰᠠᠳᠬᠠᠭᠰᠠᠨ ᠶᠤᠮ᠃ | ᠮᠠᠭᠠᠳ ᠦᠭᠡᠢ᠂ ᠲᠡᠷᠡ ᠵᠠᠬᠢᠶᠠᠨ ᠳᠤ ᠬᠥᠭᠵᠢᠮ ᠤᠨ ᠪᠠᠭᠰᠢ ᠵᠠᠯᠠᠭᠤ ᠶᠢᠨ ᠬᠡᠯᠡᠵᠦ ᠴᠢᠳᠠᠭ᠎ᠠ ᠦᠭᠡᠢ ᠭᠤᠷᠪᠠᠨ ᠦᠭᠡᠨ ᠤ ᠤᠴᠢᠷ ᠤᠳᠬ᠎ᠠ ᠪᠠᠶᠢᠭᠰᠠᠨ ᠴᠦ | ᠪᠠᠶᠢᠵᠤ ᠮᠡᠳᠡᠬᠦ ᠶᠤᠮ᠃ ᠵᠠᠷᠢᠮ ᠳᠤ ᠪᠠᠨ ᠪᠢ ᠲᠡᠷᠡ ᠵᠠᠬᠢᠶ᠎ᠠ ᠶᠢ ᠣᠩᠰᠢᠭᠠ ᠦᠭᠡᠢ ᠳᠤ ᠪᠠᠨ ᠥᠪᠡᠷ ᠲᠤ ᠪᠠᠨ ᠴᠦ ᠪᠠᠶᠠᠷᠯᠠᠳᠠᠭ ᠶᠤᠮ᠃ ᠤᠴᠢᠷ ᠨᠢ᠂ ᠦᠨᠡᠨ | ᠭᠡᠭᠴᠢ ᠵᠠᠷᠢᠮ ᠲᠣᠬᠢᠶᠠᠯᠳᠤᠯ ᠳᠤ ᠮᠡᠳᠡᠵᠦ ᠪᠣᠯᠬᠤ ᠦᠭᠡᠢ ᠵᠦᠢᠯ ᠪᠠᠶᠢᠳᠠᠭ ᠰᠢᠦ ᠳ᠋ᠡ᠃ | ᠠᠷᠪᠠ | ᠴᠡᠴᠡᠭᠲᠦ ᠲᠣᠯᠣᠭᠠᠳ ᠤᠨ ᠲᠤᠬᠠᠢ᠂ ᠬᠠᠲᠣᠩᠭᠤᠸ᠎ᠠ ᠶᠢᠨ ᠲᠤᠬᠠᠢ ᠡᠨᠡ ᠪᠢᠴᠢᠬᠠᠨ ᠲᠡᠦᠬᠡ ᠶᠢ ᠬᠤᠯᠠ ᠵᠠᠮ ᠳᠤ ᠳᠥᠷᠥᠭᠡ ᠨᠡᠶᠢᠯᠡᠵᠦ ᠶᠠᠪᠤᠬᠤ ᠳᠤ ᠨᠢᠭᠡᠨ | ᠲᠠᠨᠢᠯ ᠮᠢᠨᠢ ᠨᠠᠳᠠ ᠳᠤ ᠶᠠᠷᠢᠵᠤ ᠥᠭᠭᠦᠭᠰᠡᠨ ᠪᠢᠯᠡ᠃ ᠬᠠᠷᠢᠨ ᠲᠡᠷᠡ ᠲᠠᠨᠢᠯ ᠮᠠᠨᠢ ᠨᠠᠳᠠ ᠳᠤ ᠥᠪᠡᠷ ᠤᠨ ᠶᠠᠷᠢᠭᠰᠠᠨ ᠲᠡᠦᠬᠡ ᠪᠠᠨ ᠦᠨᠡᠨ ᠢᠶᠠᠷ ᠨᠢ ᠶᠠᠷᠢᠭ᠎ᠠ | ᠦᠭᠡᠢ ᠶᠤᠮ ᠰᠢᠭ ᠯᠠ ᠰᠠᠨᠠᠭᠳᠠᠭᠰᠠᠨ᠃ ᠤᠴᠢᠷ ᠨᠢ᠂ ᠲᠡᠭᠦᠨ ᠢ ᠲᠡᠷᠡ ᠲᠡᠦᠬᠡ ᠪᠠᠨ ᠶᠠᠷᠢᠭᠰᠠᠨ ᠠᠴᠠ ᠬᠤᠶᠢᠰᠢ ᠨᠡᠯᠢᠶᠡᠳ ᠬᠡᠳᠦᠨ ᠵᠢᠯ ᠤᠨ ᠳᠠᠷᠠᠭ᠎ᠠ ᠪᠢ | ᠴᠡᠴᠡᠭᠲᠦ ᠲᠣᠯᠣᠭᠠᠳ ᠢ ᠥᠪᠡᠷ ᠤᠨ ᠪᠡᠶ᠎ᠡ ᠪᠠᠷ ᠦᠵᠡᠵᠦ᠂ ᠨᠤᠲᠤᠭ ᠤᠨ ᠬᠥᠮᠥᠰ ᠲᠠᠢ ᠠᠭᠤᠯᠵᠠᠭᠰᠠᠨ ᠶᠤᠮ᠃ ᠲᠡᠭᠡᠬᠦ ᠳᠤ ᠨᠤᠲᠤᠭ ᠤᠨ ᠬᠥᠮᠥᠰ ᠴᠡᠴᠡᠭᠲᠦ | ᠲᠣᠯᠣᠭᠠᠳ ᠤᠨ ᠲᠤᠬᠠᠢ ︽ᠰᠡᠭᠦᠯ ᠤᠨ ᠦᠶ᠎ᠡ ᠳᠤ ᠴᠥᠯᠵᠢᠯᠲᠡ ᠶᠡᠬᠡᠰᠦᠭᠡᠳ ᠴᠦ ᠲᠡᠷᠡ ᠶᠤᠮ ᠦᠦ᠂ ᠳᠡᠭᠡᠷ᠎ᠡ ᠨᠢ ᠠᠳᠡ ᠲᠡᠨᠳᠡ ᠬᠢ ᠶᠢᠨ ᠳᠣᠩᠰᠢᠭᠤᠴᠢᠳ | ᠠᠯᠲᠠ᠂ ᠡᠷᠲᠡᠨᠢᠰ ᠬᠠᠶᠢᠵᠤ ᠣᠬᠤᠭᠰᠠᠨ ᠠᠴᠠ ᠪᠣᠯᠣᠭᠠᠳ ᠴᠦ ᠲᠡᠷᠡ ᠶᠤᠮ ᠦᠦ ᠬᠠᠪᠤᠷ ᠡᠷᠲᠡ ᠪᠠᠭᠰᠢᠷᠠᠲᠠᠯ᠎ᠠ ᠤᠷᠭᠤᠳᠠᠭ ᠰᠢᠷ᠎ᠠ ᠴᠡᠴᠡᠭ ᠤᠳ ᠨᠢ | ᠣᠷᠭᠤᠬᠤ ᠪᠠᠨ ᠪᠣᠯᠢᠭᠰᠠᠨ᠃ ᠨᠢᠳᠦᠨ ᠷᠠᠰᠢᠶᠠᠨ ᠨᠢ ᠣᠷᠣ ᠦᠭᠡᠢ ᠰᠢᠷᠭᠢᠭᠰᠡᠨ ︾ ᠬᠡᠮᠡᠨ ᠶᠠᠷᠢᠵᠤ ᠪᠠᠶᠢᠭᠰᠠᠨ ᠪᠢᠯᠡ᠃ ᠮᠠᠭᠠᠳ ᠦᠭᠡᠢ᠂ ᠴᠡᠴᠡᠭᠲᠦ | ᠲᠣᠯᠣᠭᠠᠳ ᠤᠨ ᠲᠤᠬᠠᠢ ᠵᠢᠩᠬᠢᠨᠢ ᠦᠨᠡᠨ ᠡᠨᠡ ᠴᠦ ᠪᠠᠶᠢᠵᠤ ᠮᠡᠳᠡᠬᠦ ᠶᠤᠮ᠃ ᠬᠡᠷᠪᠡ ᠬᠡᠵᠢᠶ᠎ᠡ ᠨᠢᠭᠡᠨ ᠴᠠᠭ ᠲᠤ ᠨᠠᠮ᠎ᠠ ᠶᠢ ᠳᠠᠬᠢᠨ ᠣᠴᠢᠬᠤ ᠳᠤ ᠴᠡᠴᠡᠭᠲᠦ | ᠲᠣᠯᠣᠭᠠᠳ ᠤᠨ ᠨᠡᠷ᠎ᠡ ᠥᠭᠡᠷᠡᠴᠢᠯᠡᠭᠳᠡᠭᠰᠡᠨ ᠪᠠᠶᠢᠪᠠᠯ ᠡᠨᠡ ᠣᠷᠴᠢᠯᠠᠩ ᠤᠨ ᠪᠦᠬᠦ ᠵᠦᠢᠯ ᠦᠨᠡᠨ ᠠᠴᠠ ᠨᠢᠭᠤᠭᠳᠠᠬᠤ ᠶᠢᠨ ᠲᠥᠯᠥᠭᠡ ᠣᠷᠣᠰᠢᠳᠠᠭ ᠭᠡᠳᠡᠭ ᠲᠤ ᠪᠢ | ᠯᠠ ᠯᠠᠪ ᠪᠦᠷᠢᠨ ᠳᠦᠭᠦᠷᠡᠩ ᠢᠲᠡᠭᠡᠬᠦ ᠪᠣᠯᠣᠨ᠎ᠠ᠃ | ᠵᠤᠬᠢᠶᠠᠯᠴᠢ ᠴ᠊ · ᠪᠤᠶᠠᠨᠵᠠᠶᠠᠭ᠎ᠠ ᠶᠢᠨ ︽ᠮᠠᠨᠠᠨ ᠳᠤᠮᠳᠡᠬᠢ ᠡᠷᠪᠡᠬᠡᠢ︾ | ᠨᠤᠮ ᠠᠴᠠ ᠲᠦᠮᠡᠲᠦ ᠰᠢᠨ᠎ᠡ ᠪᠠᠭᠤᠯᠭᠠᠪᠠ | ︽ᠲᠡᠯᠡᠬᠡᠢ ᠶᠢᠨ ᠤᠳᠬ᠎ᠠ ᠵᠤᠬᠢᠶᠠᠯ︾ ᠰᠡᠳᠬᠦᠯ ᠠᠴᠠ ᠰᠢᠯᠵᠢᠭᠦᠯᠪᠡ | | |