ᠵᠣᠬᠢᠶᠠᠭᠴᠢ᠄ ᠱᠠᠭᠳᠠᠷ ᠤᠨ ᠰᠣᠩᠳᠤᠢ | | | — ᠨᠡᠬᠡᠶᠢᠲᠦ ᠶᠢᠨ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ | ᠬᠤᠰᠢᠭᠤᠨ ᠤ ᠭᠠᠵᠠᠷ ᠤᠨ ᠨᠡᠷᠡᠰ ᠤᠨ ᠦᠢᠯᠠᠯᠭ᠎ᠠ︾ ᠶᠢ ᠤᠩᠰᠢᠭᠠᠳ | | | | ᠣᠶᠢᠷ᠎ᠠ ᠶᠢᠨ ᠵᠢᠯ ᠤᠳ ᠠᠴᠠ ᠨᠣᠳᠤᠭ ᠣᠰᠣᠨ ᠤ ᠲᠡᠦᠬᠡ ᠰᠣᠶᠣᠯ ᠳᠤ ᠬᠤᠯᠪᠣᠭᠳᠠᠬᠤ ᠨᠣᠮ ᠪᠦᠲᠦᠭᠡᠯ ᠠᠷᠦ ᠠᠷᠦ ᠠᠴᠠ ᠪᠠᠨ ᠵᠠᠯᠭᠠᠯᠳᠣᠨ ᠬᠡᠪᠯᠡᠭᠳᠡᠵᠣ᠂ | ᠦᠨᠳᠣᠰᠣᠳᠠᠨ ᠶᠠᠰᠣᠳᠠᠨ ᠤ ᠲᠡᠦᠬᠡ ᠰᠣᠶᠣᠯ ᠢ ᠡᠮᠬᠢᠳᠬᠡᠬᠦ ᠪᠠ ᠰᠣᠳᠣᠯᠬᠤ ᠳᠤ ᠯᠣᠳᠣ ᠶᠡᠭᠡ ᠦᠢᠯᠡᠳᠣᠯ ᠭᠠᠷᠭᠠᠵᠣ ᠪᠠᠶᠢᠭ᠎ᠠ ᠶᠤᠮ᠃ ᠡᠭᠦᠨ ᠳᠤ ᠣᠨᠴᠠᠭᠠᠶᠢᠯᠠᠨ | ᠬᠤᠰᠢᠭᠤ ᠱᠠᠳᠣᠨ ᠳᠤ ᠰᠠᠭᠤᠭ᠎ᠠ ᠦᠨᠳᠣᠰᠣᠳᠠᠨ ᠤ ᠰᠣᠶᠣᠯ ᠲᠡᠦᠬᠡ ᠪᠠᠨ ᠡᠮᠬᠢᠳᠬᠡᠨ ᠰᠣᠳᠣᠯᠣᠭᠠᠴᠢᠳ ᠤᠨ ᠪᠦᠲᠦᠭᠡᠯ ᠤᠳ ᠦᠨᠡᠨ ᠪᠣᠳᠠᠳᠣ ᠰᠢᠨᠵᠢ᠂ | ᠨᠣᠳᠤᠭ ᠣᠰᠣᠨ ᠤ ᠣᠨᠴᠠᠯᠢᠭ ᠬᠢᠭᠡᠳ ᠰᠣᠶᠣᠯ ᠵᠦᠢ ᠶᠢᠨ ᠭᠦᠨ ᠠᠭᠤᠯᠣᠭᠳᠠᠴᠠ ᠪᠠᠷ ᠢᠶᠠᠨ ᠦᠨᠳᠦᠷ ᠦᠨ᠎ᠡ ᠴᠠᠨ᠎ᠠ ᠲᠠᠢ ᠪᠣᠯᠵᠣ ᠪᠠᠶᠢᠭ᠎ᠠ ᠪᠢᠯᠡ᠃ | ᠲᠡᠳᠡᠭᠡᠷᠤᠨ ᠳᠣᠳᠣᠷ᠎ᠠ ᠠᠴᠠ ᠨᠡᠭᠡᠶᠢᠳᠤ ᠶᠢᠨ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ ᠬᠤᠰᠢᠭᠤᠨ ᠤ ᠭᠠᠵᠠᠷ ᠤᠨ ᠨᠡᠷᠡᠰ ᠤᠨ ᠣᠶᠢᠯᠠᠯᠭ᠎ᠠ︾ ︵ | 2011ᠤᠨ ᠳᠤ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ ᠭᠡᠪᠯᠡᠭᠰᠡᠨ︶ ᠶᠢ ᠠᠮᠳᠠᠷᠬᠠᠨ ᠣᠩᠰᠢᠬᠤ ᠶᠢᠨ ᠳᠣᠮᠳᠠ ᠰᠡᠳᠬᠢᠭᠳᠡᠭᠰᠡᠨ ᠪᠣᠳᠣᠯ ᠢᠶᠠᠨ | ᠲᠠᠷᠠᠭᠠᠬᠢ ᠬᠡᠳᠣᠨ ᠲᠠᠯ᠎ᠠ ᠳᠤ ᠪᠠᠭᠴᠠᠯᠠᠪᠠ᠃ | ᠨᠢᠭᠡ᠂ ᠦᠷᠭᠡᠨ ᠪᠠᠭᠳᠠᠭᠠᠮᠵᠢ | ᠨᠡᠭᠦᠳᠡᠯᠴᠢᠨ ᠣᠭᠰᠠᠭᠠᠳᠠᠳ ᠤᠨ ᠨᠣᠳᠤᠭ ᠣᠰᠣ ᠭᠡᠪᠡᠯ᠂ ᠠᠭᠤᠯᠠ ᠬᠠᠶᠢᠷᠬᠠᠨ᠂ ᠭᠤᠪᠢ ᠬᠠᠩᠭᠠᠢ᠂ ᠭᠤᠣᠯ ᠮᠦᠷᠡᠨ᠂ ᠨᠠᠭᠤᠷ ᠪᠣᠯᠠᠭ ᠠᠴᠠ ᠡᠬᠢᠯᠡᠭᠡᠳ | ᠪᠣᠳᠠ ᠲᠣᠪᠣᠴᠠᠭ ᠲᠤ ᠬᠦᠷᠳᠡᠯ᠎ᠠ ᠴᠦᠮ ᠨᠢᠭᠡ ᠨᠢᠭᠡ ᠪᠠᠷ ᠢᠶᠠᠨ ᠳᠣᠳᠣᠷᠬᠠᠢ ᠨᠡᠷᠡᠶᠢᠳᠣᠯ ᠲᠠᠢ ᠪᠠᠶᠢᠳᠠᠭ᠃ ᠨᠡᠭᠦᠳᠡᠯᠴᠢᠳ ᠤᠨ ᠨᠣᠳᠤᠭ ᠣᠰᠣᠨ ᠤ ᠨᠡᠷᠡᠶᠢᠳᠣᠯ ᠨᠢ | ᠣᠷᠳᠣ ᠬᠤᠭᠤᠴᠠᠭ᠎ᠠ ᠪᠠᠷ ᠣᠯᠠᠮᠵᠢᠯᠠᠭᠳᠠᠨ ᠵᠠᠯᠭᠠᠮᠵᠢᠯᠠᠭᠳᠠᠬᠤ ᠪᠠᠷ ᠵᠣᠭᠰᠣᠬᠤ ᠦᠭᠡᠢ ᠨᠠᠷᠢᠰᠣᠨ ᠪᠠᠶᠠᠯᠢᠭᠵᠢᠭᠰᠠᠭᠠᠷ ᠢᠷᠡᠭᠰᠡᠨ ᠲᠡᠦᠬᠡ ᠲᠠᠢ᠃ ᠨᠡᠭᠦᠳᠡᠯᠴᠢᠨ | ᠮᠣᠩᠭᠤᠯᠴᠣᠳ ᠤᠨ ᠨᠣᠳᠤᠭ ᠣᠰᠣᠨ ᠤ ᠨᠡᠷᠡᠶᠢᠳᠣᠯ ᠨᠢ ᠡᠷᠳᠡ ᠲᠡᠭᠡᠳᠣ ᠠᠴᠠ ᠣᠯᠠᠮᠵᠢᠯᠠᠯ ᠲᠠᠢ ᠪᠠᠶᠢᠵᠣ᠂ ᠲᠡᠳᠡᠭᠡᠷ ᠨᠡᠷᠡᠰ ᠨᠢ ᠮᠣᠩᠭᠤᠯᠴᠣᠳ ᠤᠨ ᠠᠳᠠᠯᠢ | ᠪᠣᠰᠣ ᠴᠠᠭ ᠬᠤᠭᠤᠴᠠᠭᠠᠨ ᠤ ᠲᠡᠦᠬᠡ ᠰᠣᠶᠣᠯ ᠤᠨ ᠦᠪ ᠬᠦᠷᠦᠩᠭᠡ ᠶᠢ ᠬᠠᠳᠠᠭᠠᠯᠠᠨ ᠪᠠᠶᠢᠭ᠎ᠠ ᠪᠠᠶᠠᠨ ᠬᠦᠮᠦᠷᠭᠡ ᠶᠤᠮ᠃ ︽ ᠰᠢᠨ᠎ᠡ ᠪᠠᠷᠭᠤ ᠪᠠᠷᠠᠭᠤᠨ | ᠬᠤᠰᠢᠭᠤᠨ ᠤ ᠭᠠᠵᠠᠷ ᠤᠨ ᠨᠡᠷᠡᠰ ᠤᠨ ᠣᠶᠢᠯᠠᠯᠭ᠎ᠠ︾ ︵ᠲᠣᠷᠣᠭᠰᠢ ︽ᠣᠶᠢᠯᠠᠯᠭ᠎ᠠ︾ ᠬᠡᠮᠡᠨ ᠲᠦᠬᠦᠮᠴᠢᠯᠡᠨ᠎ᠡ︶ ᠳᠤ ᠨᠡᠶᠢᠳᠡ 3313 ᠭᠠᠵᠠᠷ ᠣᠰᠣᠨ ᠤ | ᠨᠡᠷ᠎ᠡ ᠶᠢ ᠡᠮᠬᠢᠳᠬᠡᠨ ᠣᠷᠣᠭᠤᠯᠤᠭᠰᠠᠨ ᠢᠶᠠᠷ ᠵᠣᠭᠰᠣᠬᠤ ᠦᠭᠡᠢ᠂ ᠭᠠᠵᠠᠷ ᠣᠰᠣᠨ ᠳᠤ ᠬᠤᠯᠪᠣᠭᠳᠠᠬᠤ ᠮᠠᠰᠢ ᠦᠷᠭᠡᠨ ᠠᠭᠤᠯᠭ᠎ᠠ ᠪᠦᠬᠦᠢ ᠲᠡᠦᠬᠡ ᠰᠣᠶᠣᠯ ᠤᠨ | ᠲᠠᠶᠢᠯᠦᠮᠵᠢ ᠶᠢ ᠪᠠᠭᠳᠠᠭᠠᠨ ᠣᠣᠯ ᠪᠦᠲᠦᠭᠡᠯ ᠤᠨ ᠠᠭᠤᠯᠭ᠎ᠠ ᠶᠢ ᠪᠠᠶᠠᠯᠢᠭᠵᠢᠭᠤᠯᠣᠭᠰᠠᠨ ᠪᠠᠶᠢᠨ᠎ᠠ᠃ | ︵ᠨᠢᠭᠡ︶ ᠨᠡᠭᠦᠳᠡᠯ ᠨᠣᠳᠤᠭ ᠤᠨ ᠬᠦᠷᠢᠶ᠎ᠡ ᠬᠡᠪᠴᠢᠶ᠎ᠡ | ᠨᠡᠭᠦᠳᠡᠯᠴᠢᠨ ᠣᠭᠰᠠᠭᠠᠳᠠᠨ ᠤ ᠰᠣᠶᠣᠯ ᠲᠡᠦᠬᠡ ᠨᠢ ᠳᠡᠳᠡᠨ ᠤ ᠨᠡᠭᠦᠳᠡᠯᠯᠡᠵᠣ ᠦᠩᠭᠡᠷᠡᠭᠰᠡᠨ ᠨᠣᠳᠤᠭ ᠣᠰᠣᠨ ᠳᠤ ᠰᠢᠩᠭᠡᠵᠣ ᠪᠠᠶᠢᠳᠠᠭ᠃ ᠣᠣᠯ ︽ | ᠣᠶᠢᠯᠠᠯᠭ᠎ᠠ︾ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ 11 ᠰᠣᠮᠣ᠂ ᠨᠢᠭᠡ ᠪᠠᠯᠭᠠᠰᠣ ᠠᠳᠣᠭᠤᠨᠴᠢᠯᠠᠭᠤ ᠰᠣᠮᠣ᠂ ᠷᠠᠰᠢᠶᠠᠨ ᠰᠣᠮᠣ᠂ ᠡᠷᠳᠡᠨᠢᠬᠠᠨᠭᠤᠯᠠ ᠰᠣᠮᠣ | ᠂ ᠲᠠᠯᠠᠢ ᠰᠣᠮᠣ᠂ ᠲᠠᠯᠠᠢ ᠵᠡᠭᠦᠨ ᠰᠣᠮᠣ᠂ ᠬᠡᠷᠦᠯᠦᠨ ᠰᠣᠮᠣ᠂ ᠰᠠᠶᠢᠬᠠᠨᠳᠠᠯ᠎ᠠ ᠰᠣᠮᠣ᠂ ᠬᠠᠭᠨᠭᠤᠯᠠ ᠰᠣᠮᠣ᠂ ᠬᠦᠯᠦᠨ ᠰᠣᠮᠣ᠂ ᠪᠣᠭᠳ᠋ᠬᠠᠭᠤᠯᠠ ᠰᠣᠮᠣ᠂ ᠪᠤᠶᠢᠷ | ᠰᠣᠮᠣ᠂ ᠠᠯᠳ᠋ᠬᠠᠮᠡᠭᠡᠯ ᠪᠠᠯᠭᠠᠰᠣ︶ ᠶᠢᠨ ᠬᠤᠶᠠᠷ ᠵᠠᠭᠤ ᠭᠠᠷᠦᠢ ᠵᠢᠯ ᠠᠴᠠ ᠨᠠᠭᠠᠰᠢᠬᠢ ᠨᠡᠭᠦᠳᠡᠯ ᠤᠨ ᠨᠣᠳᠤᠭ ᠢ ᠬᠤᠷᠢᠶᠠᠩᠭᠤᠢ ᠪᠦᠭᠡᠳ ᠲᠣᠳᠣᠷᠬᠠᠢ ᠲᠣᠰᠢᠶᠠᠪᠠ᠃ | ᠡᠨᠡ ᠨᠢ ᠲᠣᠰ ᠨᠣᠳᠤᠭ ᠤᠨ ᠪᠠᠷᠭᠤᠴᠣᠳ ᠤᠨ ᠲᠡᠦᠬᠡ ᠰᠣᠶᠣᠯ ᠢ ᠡᠮᠬᠢᠳᠬᠡᠵᠣ ᠰᠣᠳᠣᠯᠬᠤ ᠳᠤ ᠲᠦᠬᠦᠮ ᠪᠣᠯᠭᠠᠭᠰᠠᠨ ᠢᠶᠠᠷ ᠪᠠᠷᠠᠬᠤ ᠦᠬᠡᠢ᠂ ᠠᠳᠠᠯᠢ ᠪᠣᠰᠣ | ᠴᠠᠭ ᠬᠤᠭᠤᠴᠠᠭᠠᠨ ᠳᠠᠬᠢ ᠨᠡᠭᠦᠳᠡᠯ ᠤᠨ ᠪᠠᠶᠢᠳᠠᠯ ᠢ ᠭᠠᠵᠠᠷ ᠣᠰᠣᠨ ᠤ ᠨᠡᠷ᠎ᠡ ᠪᠠᠷ ᠲᠣᠪᠴᠢ ᠢᠯᠡᠷᠬᠡᠶᠢᠯᠡᠭᠰᠡᠨ ᠨᠢ ᠠᠮᠢᠳᠣ ᠨᠡᠭᠦᠳᠡᠯ ᠤᠨ ᠲᠡᠦᠬᠡ ᠪᠣᠯᠣᠭᠰᠠᠨ | ᠪᠠᠶᠢᠨ᠎ᠠ᠃ | ︵ᠬᠤᠶᠠᠷ︶ ᠦᠨᠡᠨ ᠪᠣᠳᠠᠳᠣ ᠲᠡᠦᠬᠡᠨ ᠲᠡᠮᠳᠡᠭᠯᠡᠯ | ᠰᠣᠮᠣ ᠪᠦᠷᠢ ᠶᠢᠨ ᠲᠡᠦᠬᠡᠨ ᠡᠭᠦᠰᠣᠯ ᠬᠤᠪᠢᠷᠠᠯ ᠵᠢᠴᠢ ᠣᠣᠯ ᠰᠣᠮᠣᠨ ᠳᠤ ᠬᠠᠷᠢᠶᠠᠯᠠᠭᠳᠠᠬᠤ ᠭᠠᠴᠠᠭ᠎ᠠ ᠨᠤᠭᠤᠳ ᠤᠨ ᠲᠡᠦᠬᠡᠨ ᠬᠦᠭᠵᠢᠯ ᠢ ᠲᠣᠪᠴᠢᠯᠠᠨ | ᠲᠣᠰᠢᠶᠠᠭᠰᠠᠨ ᠨᠢ ᠬᠦᠮᠣᠰ ᠤᠨ ᠭᠠᠵᠠᠷ ᠣᠷᠣᠨ ᠤ ᠲᠣᠬᠠᠢ ᠣᠶᠢᠯᠠᠭᠠᠯᠳᠠ ᠶᠢ ᠣᠯᠠᠮ ᠠᠮᠢᠳᠣᠯᠢᠭ ᠪᠣᠯᠭᠠᠭᠰᠠᠨ ᠶᠤᠮ᠃ ᠲᠠᠬᠢᠪᠠᠯ᠂ ᠰᠢᠨ᠎ᠡ ᠪᠠᠷᠭᠤ ᠪᠠᠷᠠᠭᠤᠨ | ᠬᠤᠰᠢᠭᠤᠨ ᠤ ᠨᠣᠳᠤᠭ ᠲᠤ ᠬᠠᠷᠢᠶᠠᠯᠠᠭᠳᠠᠬᠤ ᠨᠡᠷᠡᠳᠣ ᠠᠭᠤᠯᠠ ᠣᠰᠣᠨ ᠤ ᠲᠣᠬᠠᠢ ᠲᠡᠦᠬᠡᠴᠢᠯᠡᠨ ᠲᠠᠨᠢᠯᠴᠠᠭᠤᠯᠣᠭᠰᠠᠨ ᠨᠢ ᠲᠣᠰ ︽ᠣᠶᠢᠯᠠᠯᠭ᠎ᠠ︾ ᠶᠢᠨ | ᠠᠭᠤᠯᠭ᠎ᠠ ᠶᠢ ᠠᠮᠢᠨ ᠰᠦᠨᠡᠰᠣ ᠲᠠᠢ ᠪᠣᠯᠭᠠᠵᠣ᠂ ᠮᠣᠩᠭᠤᠯ ᠲᠣᠭᠤᠷᠭᠠᠳᠠᠨ ᠤ ᠨᠣᠳᠤᠭ ᠣᠰᠣ ᠪᠠᠨ ᠲᠡᠭᠡᠵᠢᠯᠡᠨ ᠬᠠᠮᠠᠭᠠᠯᠠᠭᠰᠠᠭᠠᠷ ᠢᠷᠡᠭᠰᠡᠨ ᠲᠡᠦᠬᠡᠨ ᠪᠠᠶᠢᠳᠠᠯ ᠢ | ᠲᠡᠷᠡ ᠬᠡᠪ ᠢᠶᠠᠷ ᠲᠡᠮᠳᠡᠭᠯᠡᠨ ᠦᠯᠡᠳᠡᠭᠡᠪᠡ᠃ ᠲᠡᠯᠡᠬᠡᠢ ᠲᠡᠭᠡᠷᠡᠬᠢ ᠠᠯᠢᠪᠠ ᠣᠭᠰᠠᠭᠠᠳᠠᠨ ᠶᠠᠰᠣᠳᠠᠳ ᠴᠦᠮ ᠠᠳᠠᠯᠢ ᠪᠣᠰᠣ ᠶᠢᠨ ᠰᠦᠰᠦᠭ ᠪᠢᠰᠢᠷᠡᠯ ᠢ | ᠡᠷᠳᠡᠨ ᠠᠴᠠ ᠡᠳᠦᠭᠡ ᠳᠤ ᠬᠦᠷᠳᠡᠯ᠎ᠠ ᠬᠠᠳᠠᠭᠠᠯᠠᠭᠰᠠᠭᠠᠷ ᠪᠦᠭᠡᠳ ᠲᠡᠳᠡᠨ ᠤ ᠰᠦᠰᠦᠭ ᠪᠢᠰᠢᠷᠡᠯ ᠨᠢ ᠠᠳᠠᠯᠢ ᠪᠣᠰᠣ ᠲᠡᠦᠬᠡᠨ ᠬᠤᠭᠤᠴᠠᠭᠠᠨ ᠳᠤ ᠠᠳᠠᠯᠢ | ᠪᠣᠰᠣ ᠪᠠᠷ ᠬᠤᠪᠢᠷᠠᠬᠤ ᠵᠡᠷᠭᠡ ᠨᠡᠶᠢᠭᠡᠮ ᠤᠨ ᠬᠤᠪᠢᠷᠠᠯ ᠬᠦᠭᠵᠢᠯᠤᠨ ᠠᠯᠬᠤᠮ ᠲᠠᠢ ᠨᠢᠭᠳᠠ ᠬᠤᠯᠪᠣᠭᠳᠠᠯ ᠲᠠᠢ ᠶᠤᠮ᠃ ︽ᠣᠶᠢᠯᠠᠯᠭ᠎ᠠ︾ ᠳᠤ ᠲᠠᠬᠢᠯᠠᠭ᠎ᠠ ᠲᠠᠢ | ᠠᠭᠤᠯᠠ ᠣᠪᠣᠭ᠎ᠠ ᠬᠢᠭᠡᠳ ᠰᠦᠮ᠎ᠡ ᠬᠡᠶᠢᠳ ᠤᠨ ᠢᠷᠡᠯᠳᠡ ᠬᠦᠭᠵᠢᠯ ᠢ ᠨᠠᠷᠢᠨ ᠲᠣᠳᠣᠷᠬᠠᠢ ᠲᠣᠰᠢᠶᠠᠭᠰᠠᠨ ᠨᠢ ᠬᠤᠵᠢᠮ ᠤᠨ ᠬᠦᠮᠣᠰ ᠲᠤ ᠲᠣᠯᠢ ᠪᠣᠯᠬᠤ | ᠦᠢᠯᠡᠳᠣᠯ ᠲᠠᠢ ᠪᠣᠯᠵᠡᠢ᠃ | ︵ᠭᠤᠷᠪᠠ︶ ᠬᠡᠯᠡ ᠰᠣᠶᠣᠯ ᠤᠨ ᠦᠷᠭᠡᠨ ᠴᠠᠷ᠎ᠠ | ᠶᠠᠮᠠᠷᠪᠡ ᠦᠨᠳᠣᠰᠣᠳᠠᠨ ᠶᠠᠰᠣᠳᠠᠨ ᠤ ᠰᠣᠶᠣᠯ ᠨᠢ ᠦᠪᠡᠷ ᠤᠨ ᠦᠪᠡᠷᠮᠢᠴᠡ ᠣᠨᠴᠠᠯᠢᠭ ᠲᠠᠷᠦᠢ ᠪᠣᠰᠣᠳ ᠠᠴᠠ ᠢᠯᠭᠠᠭᠳᠠᠬᠤ ᠦᠩᠭᠡ ᠪᠣᠳᠤᠭ ᠢᠶᠠᠷ ᠢᠶᠠᠨ | ᠦᠨᠢ ᠮᠦᠩᠬᠡ ᠶᠢᠨ ᠠᠮᠢ ᠨᠠᠰᠣ ᠪᠠᠨ ᠣᠯᠳᠠᠭ᠃ ︽ ᠣᠶᠢᠯᠠᠯᠭ᠎ᠠ︾ ᠳᠤ ᠣᠣᠯ ᠨᠣᠳᠤᠭ ᠣᠰᠣᠨ ᠤ ᠨᠡᠷ᠎ᠡ ᠶᠢ ᠲᠣᠰ ᠭᠠᠵᠠᠷ ᠲᠣ ᠦᠶ᠎ᠡ ᠲᠠᠮᠵᠢᠨ | ᠨᠣᠳᠣᠭᠯᠠᠭᠰᠠᠭᠠᠷ ᠢᠷᠡᠭᠰᠡᠨ ᠣᠣᠭᠠᠯ ᠠᠷᠠᠳ ᠤᠨ ᠬᠡᠯᠡ ᠶᠠᠷᠢᠶᠠᠨ ᠤ ᠬᠢᠨᠢ ᠲᠠᠭᠤᠳᠠᠯᠭ᠎ᠠ ᠪᠠᠷ ᠲᠡᠮᠳᠡᠭᠯᠡᠨ ᠠᠪᠣᠭᠰᠠᠨ ᠨᠢ ᠭᠠᠵᠠᠷ ᠣᠰᠣᠨ ᠤ ᠨᠡᠷ᠎ᠡ ᠶᠢᠨ ᠣᠣᠯ | ᠬᠡᠪ ᠢ ᠬᠠᠳᠠᠭᠠᠯᠠᠵᠣ ᠴᠢᠳᠠᠭᠰᠠᠨ ᠪᠠᠶᠢᠳᠠᠭ᠃ ︽ᠬᠦᠯᠦᠨ︾᠂ ︽ᠬᠡᠷᠦᠯᠦᠨ︾᠂ ︽ ᠨᠠᠭᠠᠴᠣᠯᠠᠶᠢᠳᠣ︾᠂ ︽ᠨᠠᠩᠽᠠᠩᠳᠣ︾᠂ ︽ᠪᠤᠷᠮᠡᠢ︾᠂ ︽ᠪᠢᠯᠢᠺ︾ ᠁ | ᠵᠡᠷᠭᠡ ᠭᠠᠷᠦᠯ ᠡᠭᠦᠰᠦᠯ ᠠᠳᠠᠯᠢ ᠪᠣᠰᠣ ᠶᠢᠨ ᠨᠡᠷᠡᠰ ᠨᠢ ᠰᠢᠨ᠎ᠡ ᠪᠠᠷᠭᠤᠴᠣᠳ ᠤᠨ ᠬᠡᠯᠡ ᠶᠠᠷᠢᠶᠠᠨ ᠤ ᠰᠣᠳᠣᠯᠭᠠᠨ ᠤ ᠴᠢᠬᠤᠯᠠ ᠮᠠᠲᠧᠷᠢᠶᠠᠯ ᠪᠣᠯᠵᠣ | ᠠᠰᠢᠭᠯᠠᠭᠳᠠᠬᠤ ᠨᠢ ᠲᠠᠮᠵᠢᠭ ᠦᠭᠡᠢ᠃ | ᠠᠷᠠᠳ ᠤᠨ ᠰᠢᠳᠦᠯᠭᠡ ᠪᠢᠰᠢᠷᠡᠯ ᠤᠨ ᠠᠵᠢᠯᠯᠠᠭ᠎ᠠ ᠨᠢ ᠡᠭᠦᠰᠴᠣ ᠬᠦᠭᠵᠢᠭᠰᠡᠨ ᠴᠠᠭᠡᠴᠠ ᠪᠠᠨ ᠠᠪᠣᠭᠠᠳ ᠲᠡᠦᠬᠡ ᠶᠢᠨ ᠠᠳᠠᠯᠢ ᠪᠣᠰᠣ ᠶᠢᠨ ᠬᠤᠭᠤᠴᠠᠭᠠᠨ ᠳᠤ | ᠦᠪᠡᠷᠮᠢᠴᠡ ᠬᠤᠪᠢᠷᠠᠯ ᠬᠦᠭᠵᠢᠯ ᠤᠨ ᠲᠡᠦᠬᠡ ᠲᠠᠢ ᠪᠠᠶᠢᠳᠠᠭ᠃ ᠰᠢᠲᠦᠯᠭᠡ ᠪᠢᠰᠢᠷᠡᠯ ᠤᠨ ᠵᠠᠩᠰᠢᠯ ᠠᠵᠢᠯᠯᠠᠭ᠎ᠠ ᠨᠢ ᠮᠥᠨ ᠴᠦ ᠨᠢᠬᠡᠨ ᠣᠭᠰᠠᠭᠠᠳᠠᠨ ᠶᠠᠰᠣᠳᠠᠨ ᠤ | ᠣᠶᠣᠨ ᠤ ᠰᠣᠶᠣᠯ ᠤᠨ ᠴᠢᠮᠣᠭᠡ ᠪᠣᠯᠳᠠᠭ ᠶᠣᠮᠰᠠᠨ᠃ ︽ᠣᠶᠢᠯᠠᠯᠭ᠎ᠠ︾ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠣᠳ ᠤᠨ ᠪᠠᠶᠢᠭᠠᠯᠢᠯᠢᠭ | ᠰᠢᠲᠦᠭᠡᠨ ᠤ ᠪᠠᠶᠢᠳᠠᠯ ᠢ ᠮᠠᠰᠢ ᠨᠠᠷᠢᠯᠢᠭ ᠲᠡᠮᠳᠡᠭᠯᠡᠵᠣ᠂ ᠣᠶᠢᠷ᠎ᠠ ᠶᠢᠨ ᠬᠡᠳᠣᠨ ᠵᠠᠭᠤᠨ ᠵᠢᠯ ᠤᠨ ᠲᠣᠷᠰᠢ ᠲᠠᠬᠢᠭᠰᠠᠭᠠᠷ ᠢᠷᠡᠭᠰᠡᠨ ᠣᠪᠣᠭ᠎ᠠ ᠨᠤᠭᠤᠳ ᠤᠨ | ᠪᠠᠶᠢᠷᠢᠰᠢᠯ ᠬᠢᠭᠡᠳ ᠲᠠᠬᠢᠯᠭ᠎ᠠ ᠶᠢᠨ ᠡᠭᠦᠰᠣᠯ ᠢ ᠨᠠᠷᠢᠯᠢᠭ ᠲᠠᠨᠢᠯᠴᠠᠭᠤᠯᠪᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠨᠣᠳᠤᠭ ᠲᠤ ᠪᠠᠭᠳᠠᠬᠤ ᠨᠡᠶᠢᠳᠡ ᠲᠠᠯᠠᠭᠠᠳ | ᠣᠪᠣᠭᠠᠨ ᠤ ᠲᠠᠨᠢᠯᠴᠠᠭᠤᠯᠭ᠎ᠠ ᠲᠠᠶᠢᠯᠪᠣᠷᠢ ᠪᠠᠭᠳᠠᠵᠡᠢ᠃ ᠡᠶᠢᠮᠣᠷᠬᠡᠦ ᠦᠨ᠎ᠡ ᠴᠠᠨ᠎ᠠ ᠲᠠᠢ ᠲᠡᠮᠳᠡᠭᠯᠡᠯ ᠨᠢ ᠪᠠᠷᠭᠤᠴᠣᠳ ᠤᠨ ᠰᠢᠳᠦᠯᠭᠡ ᠪᠢᠰᠢᠷᠡᠯ ᠤᠨ ᠵᠠᠩ | ᠦᠢᠯᠡ ᠶᠢ ᠡᠮᠬᠢᠳᠬᠡᠨ ᠰᠣᠳᠣᠯᠬᠤ ᠶᠢᠨ ᠨᠠᠶᠢᠳᠠᠪᠣᠷᠢᠳᠠᠢ ᠰᠠᠭᠤᠷᠢ ᠪᠣᠯᠣᠭᠰᠠᠨ ᠶᠤᠮ᠃ ᠲᠠᠬᠢᠪᠠᠯ ᠰᠢᠨ᠎ᠡ ᠪᠠᠷᠭᠤ ᠪᠠᠷᠠᠭᠤᠨ ᠬᠤᠰᠢᠭᠤᠨ ᠤ ᠨᠣᠳᠤᠭ ᠲᠤ | ᠪᠠᠶᠢᠭᠤᠯᠣᠭᠳᠠᠵᠣ ᠦᠩᠭᠡᠷᠡᠭᠰᠡᠨ ᠲᠦᠴᠢ ᠭᠠᠷᠦᠢ ᠰᠦᠮ᠎ᠡ ᠬᠡᠶᠢᠳ ᠢ ᠨᠢᠭᠡ ᠨᠢᠭᠡ ᠪᠠᠷ ᠲᠣᠪᠴᠢ ᠲᠣᠳᠣᠷᠬᠠᠢ ᠲᠣᠭᠠᠴᠢᠵᠣ᠂ ᠰᠢᠨ᠎ᠡ ᠪᠠᠷᠭᠤᠴᠣᠳ ᠤᠨ ᠱᠠᠰᠢᠨ | ᠰᠢᠳᠦᠯᠭᠡ ᠶᠢ ᠮᠦᠷᠳᠡᠨ ᠰᠣᠳᠣᠯᠬᠤ ᠳᠤ ᠪᠡᠯᠡᠨ ᠵᠢᠯᠦᠭᠤᠳᠣᠮᠵᠢ ᠶᠢ ᠬᠠᠩᠭᠠᠨ ᠦᠭᠪᠡ᠃ | ᠨᠡᠭᠦᠳᠡᠯᠴᠢᠳ ᠤᠨ ᠡᠬᠡ ᠪᠠᠶᠢᠭᠠᠯᠢ ᠳᠤ ᠬᠠᠶᠢᠷᠠᠳᠠᠢ ᠪᠠᠶᠢᠳᠠᠭ ᠨᠢ ᠳᠡᠳᠡᠨ ᠤ ᠨᠣᠳᠣᠭᠴᠢ ᠰᠡᠳᠬᠢᠯᠭᠡ ᠪᠠᠷ ᠲᠠᠮᠵᠢᠨ ᠢᠯᠡᠷᠡᠳᠡᠭ᠃ ︽ᠣᠶᠢᠯᠠᠯᠭ᠎ᠠ︾ ᠳᠤ | ᠪᠠᠷᠭᠤᠴᠣᠳ ᠤᠨ ᠡᠬᠡ ᠨᠣᠳᠤᠭ᠂ ᠡᠬᠡ ᠪᠠᠶᠢᠭᠠᠯᠢ ᠪᠠᠨ ᠬᠢᠵᠠᠭᠠᠷᠯᠠᠰᠢ ᠦᠭᠡᠢ ᠬᠠᠶᠢᠷᠠᠯᠠᠵᠣ ᠶᠠᠪᠣᠳᠠᠭ ᠰᠡᠳᠬᠢᠯᠭᠡᠨᠢ ᠣᠣᠯ ᠬᠡᠪ ᠢᠶᠠᠷ ᠰᠢᠩᠭᠡᠵᠦ ᠪᠠᠶᠢᠬᠤ ᠨᠢ | ᠣᠩᠰᠢᠭᠰᠠᠨ ᠪᠦᠬᠦᠨ ᠳᠤ ᠮᠡᠳᠡᠷᠡᠭᠳᠡᠨ᠎ᠡ᠃ ᠵᠢᠱᠢᠶᠡᠯᠡᠬᠦ ᠳᠤ᠂ ᠨᠣᠳᠤᠭ ᠣᠰᠣᠨ ᠤ ᠲᠣᠮᠤᠭ ᠣᠯᠠᠮᠵᠢᠯᠠᠯ ᠳᠤ ᠢᠯᠡᠷᠡᠵᠦ ᠪᠠᠶᠢᠭ᠎ᠠ ᠰᠡᠳᠬᠢᠯᠭᠡ᠂ ᠠᠭᠤᠯᠠ | ᠣᠰᠣ ᠪᠠᠨ ᠰᠢᠳᠦᠨ ᠲᠠᠬᠢᠳᠠᠭ ᠵᠠᠩ ᠵᠠᠩᠰᠢᠯ ᠵᠡᠷᠭᠡ ᠳᠤ ᠨᠣᠳᠣᠭᠴᠢ ᠬᠠᠯᠠᠭᠤᠨ ᠰᠡᠳᠬᠢᠯᠭᠡ ᠠᠭᠤᠰᠣᠨ᠂ ᠦᠶ᠎ᠡ ᠶᠢᠨ ᠦᠶ᠎ᠡ ᠣᠯᠠᠮᠵᠢᠯᠠᠭᠳᠠᠭᠰᠠᠭᠠᠷ ᠢᠷᠡᠭᠰᠡᠨ | ᠶᠤᠮ᠃ | ᠬᠤᠶᠠᠷ᠂ ᠪᠦᠲᠦᠭᠡᠯᠴᠢ ᠰᠢᠨᠵᠢ | ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠶᠢᠨ ᠪᠢᠴᠢᠭ ᠤᠳ ᠤᠨ ᠳᠣᠳᠣᠷ᠎ᠠ ᠣᠣᠯ ︽ ᠣᠶᠢᠯᠠᠯᠭ᠎ᠠ︾ ᠨᠢ ᠠᠭᠤᠯᠭ᠎ᠠ ᠪᠠ ᠬᠡᠯᠪᠡᠷᠢ ᠶᠢᠨ | ᠬᠤᠪᠢ ᠳᠤ ᠪᠦᠲᠦᠭᠡᠯᠴᠢ ᠲᠠᠯ᠎ᠠ ᠲᠠᠢ ᠨᠢ ᠢᠯᠡᠷᠬᠡᠢ ᠬᠠᠷᠠᠭᠳᠠᠵᠣ ᠪᠣᠢ᠃ ᠲᠣᠰ ︽ᠣᠶᠢᠯᠠᠯᠭ᠎ᠠ︾ ᠨᠢ ᠭᠠᠵᠠᠷ ᠤᠨ ᠨᠡᠷᠡᠰ ᠢ ᠲᠣᠳᠣᠷᠬᠠᠶᠢᠯᠠᠨ ᠲᠡᠮᠳᠡᠭᠯᠡᠬᠦ | ᠲᠣᠭᠳᠠᠭᠠᠯ ᠪᠠᠷᠢᠮᠵᠢᠶ᠎ᠡ ᠶᠢ ᠵᠢᠷᠦᠮᠯᠠᠨ ᠭᠦᠢᠴᠡᠳᠬᠡᠭᠰᠡᠨᠡᠴᠠ ᠭᠠᠳᠠᠨ᠎ᠠ ᠮᠣᠩᠭᠤᠯ ᠨᠣᠳᠤᠭ ᠤᠨ ᠭᠠᠵᠠᠷ ᠤᠨ ᠨᠡᠷ᠎ᠡ ᠶᠢ ᠢᠯᠡᠳᠬᠡᠬᠦ ᠳᠤ ᠲᠣᠬᠢᠷᠠᠬᠤᠶᠢᠴᠠ | ᠠᠮᠢᠳᠣᠯᠢᠭ ᠠᠷᠭ᠎ᠠ ᠬᠡᠯᠪᠡᠷᠢ ᠶᠢ ᠠᠰᠢᠭᠯᠠᠭᠰᠠᠨ ᠪᠢᠯᠡ᠃ ᠲᠠᠷᠦᠢ ︽ᠣᠶᠢᠯᠠᠯᠭ᠎ᠠ︾ ᠶᠢᠨ ᠬᠡᠪ ᠵᠠᠭᠪᠣᠷ ᠢ ᠠᠭᠤᠯᠭ᠎ᠠ ᠪᠠᠨ ᠦᠨᠳᠣᠰᠣᠯᠡᠨ ᠠᠮᠢᠳᠣᠯᠢᠭ | ᠲᠣᠬᠢᠷᠠᠭᠤᠯᠵᠣ ᠴᠢᠳᠠᠭᠰᠠᠨ ᠪᠠᠶᠢᠨ᠎ᠠ᠃ ︽ᠣᠶᠢᠯᠠᠯᠭ᠎ᠠ︾ ᠨᠢ ᠣᠯᠠᠨ ᠵᠦᠢᠯ ᠤᠨ ᠪᠢᠴᠢᠯᠭᠡ ᠶᠢᠨ ᠠᠷᠭ᠎ᠠ ᠶᠢ ᠬᠡᠷᠡᠭᠯᠡᠭᠰᠡᠨ ᠠᠲᠠᠯ᠎ᠠ ᠪᠠᠨ ᠪᠣᠰᠣᠳ ᠲᠤ ᠡᠷᠦᠢ | ᠬᠤᠷᠦᠢ ᠦᠭᠡᠢ ᠬᠤᠯᠢᠵᠣ ᠬᠤᠳᠬᠤᠭᠰᠠᠨ ᠰᠠᠭᠤᠭᠳᠠᠯᠢ ᠦᠭᠬᠦ ᠦᠭᠡᠢ᠂ ᠬᠠᠷᠢᠨ ᠨᠢᠭᠡᠨ ᠪᠦᠷᠢᠨ ᠪᠦᠲᠦᠨ ᠰᠠᠯᠭᠠᠵᠣ ᠪᠣᠯᠣᠰᠢ ᠨᠢᠭᠡᠳᠣᠮᠡᠯ ᠴᠣᠭᠴᠠ ᠪᠣᠯᠣᠭᠰᠠᠨ | ᠶᠤᠮ᠃ | ︵ᠨᠢᠭᠡ︶ ᠰᠢᠨ᠎ᠡ ᠰᠲ᠋ᠢᠯᠢ | ᠭᠠᠵᠠᠷ ᠣᠰᠣᠨ ᠤ ᠣᠶᠢᠯᠠᠯᠭ᠎ᠠ ᠪᠣᠯ ᠨᠢᠭᠡᠨ ᠪᠡᠶ᠎ᠡ ᠪᠠᠨ ᠲᠠᠭᠠᠭᠠᠭᠰᠠᠨ ᠰᠲ᠋ᠢᠯᠢ ᠶᠢᠨ ᠵᠣᠬᠢᠶᠠᠯ ᠪᠣᠯᠣᠨ᠎ᠠ᠃ ᠭᠠᠵᠠᠷ ᠣᠰᠣᠨ ᠤ ᠣᠶᠢᠯᠠᠯᠭ᠎ᠠ ᠨᠢ ᠪᠢᠴᠢᠯᠭᠡ ᠶᠢᠨ | ᠬᠤᠪᠢ ᠳᠤ ᠦᠪᠡᠷᠮᠢᠴᠡ ᠱᠠᠭᠠᠷᠳᠠᠯᠭ᠎ᠠ ᠲᠠᠢ ᠪᠠᠶᠢᠳᠠᠭ ᠪᠣᠯᠪᠠᠴᠣ ᠪᠣᠳᠠᠳᠠᠢ ᠠᠭᠤᠯᠭ᠎ᠠ ᠳᠠᠭᠠᠨ ᠲᠣᠬᠢᠷᠠᠭᠤᠯᠵᠣ᠂ ᠠᠮᠢᠳᠣᠯᠢᠭ ᠰᠡᠪᠡᠭᠦᠨ ᠠᠷᠭ᠎ᠠ ᠪᠠᠷᠢᠯ ᠤᠳ ᠢ | ᠬᠡᠷᠡᠭᠯᠡᠵᠦ ᠪᠣᠯᠳᠠᠭ᠃ ᠣᠨᠴᠠᠭᠠᠶᠢᠯᠠᠨ ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠨᠢ ᠡᠷᠬᠡᠪᠰᠢ ᠣᠣᠯ ᠨᠣᠳᠤᠭ ᠤᠨ ᠲᠡᠦᠬᠡ ᠰᠣᠶᠣᠯ ᠤᠨ | ᠦᠪᠡᠷᠮᠢᠴᠡ ᠪᠠᠶᠢᠳᠠᠯ ᠢ ᠢᠯᠡᠷᠡᠭᠦᠯᠵᠦ ᠴᠢᠳᠠᠬᠤ ᠶᠢ ᠱᠠᠭᠠᠷᠳᠠᠳᠠᠭ᠃ ᠡᠶᠢᠮᠣ ᠪᠠᠶᠢᠳᠠᠯ ᠲᠣᠣᠷ᠎ᠠ ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠶᠢ ᠪᠢᠴᠢᠬᠦ | ᠠᠷᠭ᠎ᠠ ᠪᠠᠷᠢᠯ ᠨᠢ ᠦᠪᠡᠷᠮᠢᠴᠡ ᠪᠠᠶᠢᠪᠠᠯ ᠵᠣᠬᠢᠨ᠎ᠠ᠃ | ︽ᠣᠶᠢᠯᠠᠯᠭ᠎ᠠ︾ ᠨᠢ ᠶᠠᠭᠤᠨ ᠤ ᠡᠮᠣᠨ᠎ᠡ ᠣᠳᠣ ᠳᠤ ᠬᠦᠷᠳᠡᠯ᠎ᠡ ᠣᠯᠠᠮᠵᠢᠯᠠᠭᠳᠠᠭᠰᠠᠭᠠᠷ ᠪᠦᠬᠦᠢ ᠭᠠᠵᠠᠷ ᠣᠰᠣᠨ ᠤ ᠪᠦᠬᠦ᠋ᠢᠯᠡ ᠨᠡᠷ᠎ᠡ ᠶᠢ ᠴᠣᠭᠯᠠᠭᠤᠯᠣᠨ | ᠲᠡᠮᠳᠡᠭᠯᠡᠵᠦ᠂ ᠲᠡᠳᠡᠭᠡᠷ ᠤᠨ ᠪᠠᠶᠢᠷᠢᠰᠢᠯ ᠢ ᠨᠢᠭᠡ ᠨᠢᠭᠡ ᠪᠠᠷ ᠭᠠᠵᠠᠷ ᠤᠨ ᠵᠢᠷᠤᠭ ᠢᠶᠠᠷ ᠢᠯᠡᠷᠡᠭᠦᠯᠦᠭᠰᠡᠨ ᠨᠢ ᠮᠣᠩᠭᠤᠯ ᠨᠣᠳᠤᠭ ᠤᠨ ᠣᠨᠴᠠᠯᠢᠭ ᠲᠠᠢ ᠲᠣᠬᠢᠷᠠᠯᠴᠠᠵᠣ | ᠪᠠᠶᠢᠭ᠎ᠠ ᠶᠤᠮ᠃ ᠣᠴᠢᠷ ᠨᠢ ᠮᠣᠩᠭᠤᠯ ᠨᠣᠳᠤᠭ ᠪᠣᠯ ᠡᠷᠳᠡ ᠲᠡᠭᠡᠳᠦ ᠦᠶ᠎ᠡ ᠠᠴᠠ ᠪᠠᠨ ᠨᠡᠭᠦᠳᠡᠯᠴᠢᠳ ᠤᠨ ᠣᠷᠣᠰᠢᠨ ᠰᠠᠭᠤᠭᠰᠠᠭᠠᠷ ᠢᠷᠡᠭᠰᠡᠨ ᠭᠠᠵᠠᠷ ᠪᠣᠯᠬᠤᠷ | ᠪᠠᠷᠤᠭ ᠯᠡ ᠪᠠᠭ᠎ᠠ ᠲᠣᠮᠣ ᠭᠤᠣᠯ ᠭᠤᠷᠤᠬ᠎ᠠ᠂ ᠠᠭᠤᠯᠠ ᠲᠣᠪᠣᠴᠠᠭ ᠪᠦᠬᠦᠨ ᠨᠢ ᠴᠦᠮ ᠦᠪᠡᠷ ᠤᠨ ᠨᠡᠷᠡᠶᠢᠳᠦᠯ ᠲᠠᠢ ᠪᠠᠶᠢᠳᠠᠭ᠃ ᠡᠭᠦᠨ ᠢᠶᠠᠷ ᠵᠣᠭᠰᠣᠬᠤ ᠦᠭᠡᠢ | ᠲᠡᠳᠡᠭᠡᠷ ᠨᠡᠷᠡᠶᠢᠳᠣᠯ ᠨᠢ ᠣᠯᠠᠮᠵᠢᠯᠠᠯ ᠰᠢᠨᠵᠢ ᠪᠠᠷ ᠮᠠᠰᠢ ᠴᠢᠩᠭ᠎ᠠ ᠪᠠᠶᠢᠵᠣ᠂ ᠡᠷᠳᠡ ᠦᠶ᠎ᠡ ᠶᠢᠨ ᠬᠦᠮᠣᠰ ᠤᠨ ᠬᠡᠷᠡᠭᠯᠡᠵᠦ ᠪᠠᠶᠢᠭ᠎ᠠ ᠭᠠᠵᠠᠷ ᠣᠰᠣᠨ ᠤ ᠨᠡᠷ᠎ᠡ ᠨᠢ | ᠦᠨᠦᠳᠦᠷ ᠲᠤ ᠬᠦᠷᠳᠡᠯ᠎ᠡ ᠣᠷᠣᠰᠢᠭᠰᠠᠭᠠᠷ ᠪᠠᠶᠢᠭ᠎ᠠ ᠪᠢᠯᠡ᠃ ᠡᠨᠡ ᠪᠦᠬᠦᠢ ᠣᠨᠴᠠᠭᠠᠢ ᠪᠠᠶᠢᠳᠠᠯ ᠢ ᠢᠯᠡᠷᠡᠭᠦᠯᠬᠦ ᠳᠤ ᠣᠶᠢᠯᠠᠯᠭ᠎ᠠ ᠶᠢᠨ ᠰᠲᠢᠯᠢ ᠶᠢ ᠣᠨᠣᠪᠴᠢᠲᠡᠢ | ᠬᠡᠷᠡᠭᠯᠡᠬᠦ ᠶᠠᠪᠣᠳᠠᠯ ᠶᠠᠭᠤᠨ ᠤ ᠡᠮᠣᠨ᠎ᠡ ᠲᠣᠬᠢᠶᠠᠯᠳᠣᠨ᠎ᠠ᠃ ᠲᠣᠰ ︽ᠣᠶᠢᠯᠠᠯᠭ᠎ᠠ︾ ᠨᠢ ᠲᠠᠶᠢᠯᠪᠣᠷᠢ᠂ ᠪᠦᠷᠢᠳᠬᠡᠯ᠂ ᠲᠣᠮᠤᠭ ᠣᠯᠠᠮᠵᠢᠯᠠᠯ᠂ ᠦᠪᠡᠷᠮᠢᠴᠡ ᠬᠡᠯᠪᠡᠷᠢ | ᠪᠦᠬᠦᠢ ᠭᠠᠵᠠᠷ ᠤᠨ ᠵᠢᠷᠤᠭ᠂ ᠲᠡᠦᠬᠡᠨ ᠲᠠᠨᠢᠯᠴᠠᠭᠤᠯᠭ᠎ᠠ᠂ ᠭᠠᠵᠠᠷ ᠤᠨ ᠵᠢᠷᠤᠭ ᠤᠨ ᠣᠨᠣᠪᠴᠢᠳᠠᠢ ᠪᠠᠶᠢᠷᠢᠰᠢᠯ ᠤᠨ ᠲᠣᠳᠣᠷᠬᠠᠶᠢᠯᠠᠯᠳᠠ ᠵᠡᠷᠭᠡ ᠣᠯᠠᠨ ᠠᠷᠭ᠎ᠠ | ᠣᠶᠠᠯᠳᠣᠭᠤᠯᠣᠨ ᠠᠰᠢᠭᠯᠠᠭᠰᠠᠨ ᠨᠢ ᠬᠡᠯᠪᠡᠷᠢ ᠰᠲ᠋ᠢᠯᠢ ᠶᠢᠨ ᠬᠤᠪᠢ ᠳᠤ ᠰᠢᠨ᠎ᠡ ᠰᠣᠷᠭᠤᠭ ᠪᠣᠯᠵᠡᠢ᠃ | ︵ᠬᠤᠶᠠᠷ︶ ᠣᠨᠴᠠᠭᠠᠢ ᠪᠦᠲᠦᠴᠡ ᠪᠦᠬᠦᠢ ᠭᠠᠵᠠᠷ ᠤᠨ ᠵᠢᠷᠤᠭ | ᠨᠣᠳᠤᠭ ᠣᠰᠣᠨ ᠤ ᠣᠶᠢᠯᠠᠯᠭ᠎ᠠ ᠳᠤ ᠭᠠᠵᠠᠷ ᠤᠨ ᠵᠢᠷᠤᠭ ᠬᠠᠪᠰᠣᠷᠭᠠᠬᠤ ᠡᠰᠡᠬᠦ ᠨᠢ ᠨᠠᠶᠢᠷᠠᠭᠤᠯᠣᠭᠴᠢ ᠶᠢᠨ ᠲᠦᠰᠦᠪ ᠢᠶᠠᠷ ᠲᠣᠭᠳᠠᠭᠠᠭᠳᠠᠨ᠎ᠠ᠃ | ᠲᠡᠭᠡᠬᠦ ᠳᠡᠭᠡᠨ ᠭᠠᠵᠠᠷ ᠤᠨ ᠵᠢᠷᠤᠭ ᠢ ᠬᠡᠷᠬᠢᠨ ᠵᠢᠷᠣᠬᠤ ᠨᠢ ᠮᠥᠨ ᠴᠦ ᠣᠣᠯ ᠣᠶᠢᠯᠠᠯᠭ᠎ᠠ ᠶᠢ ᠨᠠᠶᠢᠷᠠᠭᠤᠯᠵᠣ ᠪᠠᠶᠢᠬᠤ ᠬᠦᠮᠣᠨ ᠤ ᠰᠢᠢᠳᠪᠣᠷᠢᠯᠡᠬᠦ ᠶᠠᠪᠣᠳᠠᠯ ᠮᠥᠨ᠃ | ︽ᠣᠶᠢᠯᠠᠯᠭ᠎ᠠ︾ ᠳᠤ ᠮᠣᠩᠭᠤᠯ ᠨᠣᠳᠤᠭ ᠤᠨ ᠭᠠᠵᠠᠷ ᠤᠨ ᠨᠡᠷ᠎ᠡ ᠶᠢ ᠣᠨᠣᠪᠴᠢᠳᠡᠢ ᠪᠦᠭᠡᠳ ᠣᠶᠢᠯᠠᠭᠠᠮᠵᠢᠳᠡᠢ ᠢᠯᠡᠷᠡᠭᠦᠯᠵᠦ ᠴᠢᠳᠠᠬᠤᠶᠢᠴᠠ ᠵᠢᠷᠤᠭ ᠢ ᠡᠭᠦᠳᠥᠨ | ᠠᠰᠢᠭᠯᠠᠭᠰᠠᠨ ᠨᠢ ᠬᠤᠵᠢᠮ ᠤᠨ ᠭᠠᠵᠠᠷ ᠤᠨ ᠨᠡᠷᠡᠰ ᠢ ᠡᠮᠬᠢᠳᠭᠡᠭᠴᠢᠳ ᠲᠤ ᠲᠠᠭᠤᠷᠢᠶᠠᠯ ᠪᠣᠯᠬᠤᠶᠢᠴᠡ ᠣᠶᠢᠯᠡᠳᠦᠯ ᠲᠠᠢ᠃ ᠡᠭᠦᠨ ᠢ ︽ᠬᠡᠷᠦᠯᠦᠨ ᠭᠠᠴᠠᠭᠠᠨ ᠤ | ᠭᠠᠵᠠᠷ ᠤᠨ ᠵᠢᠷᠤᠭ︾ ᠢᠶᠠᠷ ᠵᠢᠱᠢᠶᠡᠯᠡᠪᠡᠯ᠂ ᠲᠡᠭᠡᠷᠡᠬᠢ ᠵᠢᠷᠤᠭ ᠲᠤ ᠨᠣᠳᠤᠭ ᠣᠰᠣᠨ ᠤ ᠭᠠᠵᠠᠷ ᠤᠨ ᠨᠡᠷᠡᠰ ᠢ ᠲᠡᠮᠳᠡᠭᠯᠡᠬᠦ ᠳᠤ ᠡᠷᠬᠡᠪᠰᠢ ᠲᠣᠳᠣᠷᠬᠠᠶᠢᠯᠠᠪᠠᠰᠣ | ᠵᠣᠬᠢᠬᠤ ᠠᠰᠠᠭᠤᠳᠠᠯ ᠤᠳ ᠴᠦᠮ ᠢᠯᠡᠷᠬᠡᠢ ᠪᠣᠯᠣᠭᠰᠠᠨ ᠪᠠᠶᠢᠨ᠎ᠠ᠃ ᠲᠠᠷᠦᠢ ᠨᠢᠭᠡ ᠳᠤ ᠂ ᠭᠠᠴᠠᠭᠠᠨ ᠤ ᠭᠠᠵᠠᠷ ᠤᠨ ᠶᠡᠷᠦᠩᠬᠡᠢ ᠲᠦᠯᠦᠪ︔ ᠬᠤᠶᠠᠷ ᠲᠤ᠂ | ᠭᠠᠴᠠᠭᠠᠨ ᠤ ᠨᠣᠳᠤᠭ ᠲᠤ ᠪᠠᠶᠢᠬᠤ ᠭᠠᠵᠠᠷ ᠤᠨ ᠪᠦᠬᠦ ᠨᠡᠷᠡᠰ︔ ᠭᠤᠷᠪᠠ ᠳᠤ᠂ ᠵᠠᠰᠠᠭ ᠵᠠᠬᠢᠷᠭᠠᠨ ᠤ ᠨᠢᠭᠡᠴᠡ ᠨᠦᠭᠦᠳ︔ ᠲᠦᠷᠪᠡ ᠳᠤ᠂ ᠬᠢᠯᠢ ᠵᠠᠭᠠᠭ ᠤᠨ | ᠱᠣᠭᠤᠮ︔ ᠲᠡᠪᠤ ᠳᠤ᠂ ᠬᠢᠳᠠᠳ ᠮᠣᠩᠭᠤᠯ ᠪᠢᠴᠢᠯᠭᠡ︔ ᠵᠢᠷᠭᠤᠭ᠎ᠠ ᠳᠤ᠂ ᠲᠡᠦᠬᠡ ᠲᠣᠮᠣᠭᠳᠣ ᠭᠠᠵᠠᠷ︔ ᠲᠣᠯᠤᠭ᠎ᠠ ᠳᠤ᠂ ᠠᠭᠤᠯᠠ ᠣᠰᠣ ᠣᠪᠣᠭ᠎ᠠ︔ | ᠨᠠᠢᠮᠠ ᠳᠤ᠂ ᠭᠠᠵᠠᠷ ᠤᠨ ᠪᠠᠶᠢᠴᠠ ᠶᠢᠨ ᠳᠣᠳᠣᠷᠬᠠᠶᠢᠯᠠᠯᠳᠠ ︵ᠠᠭᠤᠯᠠ᠂ ᠭᠤᠣᠯ᠂ ᠪᠣᠯᠠᠭ᠂ ᠬᠤᠳᠳᠤᠭ᠂ ᠲᠣᠭᠤᠷᠢᠮ ᠬᠡᠬᠦ ᠮᠡᠳᠦ︶᠃ ᠡᠳᠡᠭᠡᠷ ᠢ ᠣᠯᠠᠨ | ᠵᠦᠢᠯ ᠤᠨ ᠲᠡᠮᠳᠡᠭ ᠢᠶᠠᠷ ᠨᠠᠷᠢᠯᠢᠭ ᠲᠡᠶᠢᠯᠪᠣᠷᠢᠯᠠᠪᠠ᠃ ᠲᠣᠰ ᠵᠢᠷᠤᠭ ᠬᠢᠭᠡᠳ ᠵᠢᠷᠤᠭ ᠤᠨ ᠲᠠᠶᠢᠯᠪᠣᠷᠢ ᠨᠢ ᠨᠡᠭᠦᠳᠡᠯᠴᠢᠨ ᠮᠣᠩᠭᠤᠯᠴᠣᠳ ᠤᠨ ᠨᠣᠳᠤᠭ ᠣᠰᠣᠨ ᠤ | ᠪᠦᠬᠦ ᠪᠠᠶᠢᠳᠠᠯ ᠢ ᠪᠦᠷᠢᠨ ᠲᠠᠨᠢᠭᠤᠯᠬᠤ ᠵᠣᠷᠢᠯᠭ᠎ᠠ ᠳᠤ ᠬᠦᠷᠦᠭᠰᠡᠨ ᠨᠢ ᠢᠯᠡᠷᠬᠡᠢ᠃ | ︵ᠭᠤᠷᠪᠠ︶ ᠪᠠᠷᠭᠤ ᠨᠣᠳᠤᠭ ᠤᠨ ᠣᠨᠴᠠᠯᠢᠭ | ᠪᠠᠷᠭᠤᠴᠣᠳ ᠪᠣᠯ ᠬᠦᠯᠦᠨ ᠪᠤᠶᠢᠷ ᠨᠣᠳᠤᠭ ᠤᠨ ᠣᠣᠭᠠᠯ ᠢᠷᠭᠡᠳ ᠪᠣᠯᠣᠨ᠎ᠠ᠃ ᠲᠡᠶᠢᠮᠣ ᠠᠴᠠ ᠪᠠᠷᠭᠤᠴᠣᠳ ᠤᠨ ᠬᠦᠯᠦᠨ ᠪᠤᠶᠢᠷ ᠨᠣᠳᠤᠭ ᠲᠤ ᠡᠷᠬᠢᠨ | ᠲᠣᠭᠤᠷᠢᠨ ᠨᠡᠭᠦᠳᠡᠯᠯᠡᠭᠰᠡᠨ ᠲᠡᠦᠬᠡ ᠰᠣᠶᠣᠯ ᠨᠢ ᠣᠣᠯ ᠨᠣᠳᠤᠭ ᠤᠨ ᠭᠠᠵᠠᠷ ᠣᠰᠣᠨ ᠤ ᠨᠡᠷᠡᠶᠢᠳᠣᠯ ᠳᠤ ᠲᠣᠷᠠᠶᠢᠳᠠᠯᠠ ᠲᠠᠮᠠᠭᠠᠯᠠᠭᠳᠠᠵᠣ ᠪᠠᠶᠢᠭ᠎ᠠ ᠪᠢᠯᠡ᠃ | ᠪᠠᠷᠭᠤᠴᠣᠳ ᠤᠨ ᠲᠣᠮᠳᠠ ᠣᠯᠠᠮᠵᠢᠯᠠᠭᠳᠠᠭᠰᠠᠭᠠᠷ ᠢᠷᠡᠭᠰᠡᠨ ᠭᠠᠵᠠᠷ ᠣᠰᠣᠨ ᠤ ᠲᠣᠬᠠᠢ ᠲᠣᠮᠤᠭ᠂ ᠪᠠᠷᠭᠤᠴᠣᠳ ᠤᠨ ᠨᠡᠭᠦᠳᠡᠯ ᠤᠨ ᠲᠡᠦᠬᠡᠨ ᠣᠯᠠ ᠮᠦᠷ᠂ | ᠪᠠᠷᠭᠤᠴᠣᠳ ᠤᠨ ᠬᠡᠯᠡ ᠶᠠᠷᠢᠶᠠᠨ ᠤ ᠣᠨᠴᠠᠯᠢᠭ ᠲᠠᠢ ᠭᠠᠵᠠᠷ ᠣᠰᠣᠨ ᠤ ᠨᠡᠷᠡᠶᠢᠳᠣᠯ ᠁ ᠵᠡᠷᠭᠡ ᠪᠦᠬᠦ ᠲᠠᠯ᠎ᠠ ᠳᠤ ᠴᠦᠮ ᠪᠠᠷᠭᠤ ᠬᠦᠮᠣᠰ ᠤᠨ ᠲᠡᠦᠬᠡ ᠰᠣᠶᠣᠯ | ᠤᠨ ᠣᠨᠴᠠᠯᠢᠭ ᠰᠢᠩᠭᠡᠨ ᠠᠭᠤᠰᠴᠣ ᠪᠠᠶᠢᠭ᠎ᠠ ᠶᠤᠮ᠃ ᠣᠨᠴᠠᠭᠠᠶᠢᠯᠠᠨ ᠣᠣᠯ ᠨᠣᠳᠤᠭ ᠣᠰᠣᠨ ᠤ ᠣᠣᠭᠠᠯ ᠣᠨᠴᠠᠯᠢᠭ ᠰᠢᠨᠵᠢ ᠶᠢ ᠢᠯᠡᠷᠡᠭᠦᠯᠦᠭᠰᠡᠨ ᠭᠠᠵᠠᠷ | ᠣᠰᠣᠨ ᠤ ᠵᠠᠷᠢᠮ ᠨᠡᠷᠡᠶᠢᠳᠦᠯ ᠢ ᠪᠦᠷᠢᠳᠬᠡᠨ ᠲᠡᠮᠳᠡᠭᠯᠡᠭᠰᠡᠨ ᠨᠢ ᠲᠣᠩ ᠦᠨ᠎ᠡ ᠴᠠᠨ᠎ᠠ ᠲᠠᠢ ᠵᠦᠢᠯ ᠪᠣᠯᠵᠡᠢ᠃ ᠵᠢᠱᠢᠶᠡᠯᠡᠬᠦ ᠳᠤ᠂ ︽ᠮᠠᠩᠭᠢᠷᠳᠦ︾᠂ ︽ᠠᠬᠢᠳᠣ︾ | ᠂ ︽ᠭᠠᠩᠭᠠᠳᠣ︾ ᠵᠡᠷᠭᠡ ᠭᠠᠵᠠᠷ ᠲᠤ ᠣᠣᠯ ᠨᠢ ᠡᠳᠡᠭᠡᠷ ᠣᠷᠭᠤᠮᠣᠯ ᠡᠯᠪᠡᠭ ᠪᠠᠶᠢᠭᠰᠠᠨ ᠨᠢ ᠶᠠᠷᠢᠶᠠᠨ ᠦᠭᠡᠢ᠃ ᠲᠡᠭᠡᠬᠦ ᠳᠤ ᠣᠳᠣᠬᠠᠨ ᠳᠤ ᠪᠠᠶᠢᠭᠠᠯᠢ ᠠᠮᠢ | ᠠᠬᠤᠢ ᠶᠢᠨ ᠶᠡᠭᠡ ᠡᠪᠳᠡᠭᠳᠡᠯ ᠠᠴᠠ ᠪᠣᠯᠵᠣ᠂ ᠲᠡᠳᠡᠭᠡᠷ ᠭᠠᠵᠠᠷ ᠲᠤ ᠵᠦᠪᠬᠡᠨ ᠣᠷᠭᠤᠮᠠᠯ ᠤᠨ ᠨᠡᠷ᠎ᠡ ᠨᠢ ᠦᠯᠡᠳᠡᠵᠦ ᠪᠠᠶᠢᠬᠤ ᠠᠴᠠ ᠪᠢᠰᠢ᠂ ᠪᠣᠳᠠᠳᠣ ᠣᠷᠭᠤᠮᠠᠯ ᠨᠢ | ᠶᠡᠷᠦ ᠣᠷᠭᠤᠬᠤ ᠪᠠᠨ ᠪᠣᠯᠢᠭᠰᠠᠨ ᠪᠠᠶᠢᠳᠠᠯ ᠮᠣᠩᠭᠤᠯ ᠨᠣᠳᠤᠭ ᠲᠤ ᠵᠦᠩᠳᠡᠭᠡᠨ ᠬᠠᠷᠠᠭᠳᠠᠵᠣ ᠪᠣᠢ᠃ ᠡᠭᠦᠨ ᠲᠠᠢ ᠠᠳᠠᠯᠢᠬᠠᠨ ᠢᠶᠠᠷ ︽ᠬᠤᠯᠠᠨᠳᠣ︾᠂ ︽ | ᠲᠠᠷᠪᠠᠭᠠᠳᠣ︾᠂ ︽ᠲᠣᠭᠤᠳᠠᠭᠳᠣ︾᠂ ︽ ᠦᠨᠡᠭᠡᠳᠣ︾ ᠭᠡᠬᠦ ᠮᠡᠳᠣ ᠬᠡᠬᠡᠷ᠎ᠡ ᠶᠢᠨ ᠠᠮᠢᠳᠠᠳ ᠢᠶᠠᠷ ᠨᠡᠷᠡᠯᠡᠭᠳᠡᠭᠰᠡᠨ ᠭᠠᠵᠠᠷ ᠤᠳ ᠲᠤ ᠲᠡᠳᠡᠭᠡᠷ ᠠᠮᠢᠳᠠᠳ ᠣᠯᠠᠨ | ᠲᠤᠭ᠎ᠠ ᠪᠠᠷ ᠣᠷᠣᠰᠢᠵᠦ ᠪᠠᠶᠢᠭᠰᠠᠨ ᠨᠢ ᠲᠠᠮᠵᠢᠭ ᠦᠭᠡᠢ᠃ ᠬᠡᠬᠡᠷ᠎ᠡ ᠶᠢᠨ ᠠᠮᠢᠳᠠᠨ ᠣᠭ ᠲᠠᠰᠣᠷᠠᠵᠣ ᠪᠠᠶᠢᠭ᠎ᠠ ᠦᠨᠦᠳᠦᠷ ᠬᠦᠮᠦᠰ ᠲᠦᠷᠦᠯᠬᠢ ᠨᠣᠳᠤᠭ ᠤᠨ ᠢᠶᠠᠨ | ᠣᠣᠯ ᠦᠩᠬᠡ ᠵᠢᠰᠣ ᠶᠢ ᠭᠠᠵᠠᠷ ᠣᠰᠣᠨ ᠤ ᠲᠡᠳᠡᠭᠡᠷ ᠨᠡᠷᠡᠶᠢᠳᠦᠯ ᠤᠨ ᠬᠠᠪᠰᠣᠷᠣᠯᠭ᠎ᠠ ᠲᠠᠢ ᠪᠠᠷ ᠲᠠᠭᠠᠮᠠᠭᠯᠠᠨ ᠲᠠᠨᠢᠵᠣ ᠪᠣᠯᠬᠤ ᠶᠤᠮ᠃ ᠡᠶᠢᠮᠤᠷᠬᠡᠤ | ᠨᠡᠷᠡᠶᠢᠳᠤᠯ ᠨᠦᠭᠦᠳ ᠨᠢ ᠮᠥᠨ ᠣᠣᠯ ᠨᠣᠳᠤᠭ ᠤᠨ ᠦᠵᠡᠮᠵᠢ ᠪᠠᠶᠢᠳᠠᠯ᠂ ᠲᠡᠦᠬᠡᠨ ᠬᠤᠪᠢᠰᠣᠯ ᠢ ᠰᠣᠳᠣᠯᠬᠤ ᠳᠤ ᠲᠣᠳᠠᠭᠳᠠᠵᠣ ᠪᠣᠯᠣᠰᠢ ᠦᠭᠡᠢ | ᠪᠠᠷᠢᠮᠳᠠ ᠨᠤᠭᠤᠳ ᠢ ᠬᠠᠩᠭᠠᠬᠤ ᠪᠣᠯᠣᠯᠴᠠᠭ᠎ᠠ ᠪᠣᠢ᠃ | ᠭᠤᠷᠪᠠ᠂ ᠦᠨᠳᠦᠷ ᠦᠨ᠎ᠡ ᠴᠠᠨ᠎ᠠ | ︽ᠣᠶᠢᠯᠠᠯᠭ᠎ᠠ︾ ᠨᠢ ᠭᠠᠵᠠᠷ ᠣᠰᠣᠨ ᠤ ᠨᠡᠷ᠎ᠡ ᠶᠢ ᠨᠠᠷᠢᠨ ᠬᠢᠨᠠᠮᠠᠭᠠᠢ ᠦᠪᠯᠡᠨ ᠬᠤᠷᠢᠶᠠᠩᠭᠤᠶᠢᠯᠠᠭᠰᠠᠨ ᠠᠴᠠ ᠪᠣᠯᠵᠣ᠂ ᠦᠨᠳᠣᠰᠣᠳᠠᠨ ᠶᠠᠰᠣᠳᠠᠨ ᠤ ᠲᠡᠦᠬᠡ | ᠰᠣᠶᠣᠯ ᠤᠨ ᠰᠣᠳᠣᠯᠭᠠᠨ ᠬᠢᠭᠡᠳ ᠭᠠᠵᠠᠷ ᠣᠰᠣᠨ ᠤ ᠣᠶᠢᠯᠠᠯᠭ᠎ᠠ ᠶᠢ ᠪᠢᠴᠢᠬᠦ ᠵᠡᠷᠭᠡ ᠠᠵᠢᠯ ᠳᠤ ᠦᠷᠭᠡᠨ ᠢᠶᠠᠷ ᠠᠰᠢᠭᠯᠠᠭᠳᠠᠬᠤ ᠦᠨᠳᠦᠷ ᠦᠨ᠎ᠡ ᠴᠠᠨ᠎ᠠ ᠲᠠᠢ | ᠪᠦᠲᠦᠭᠡᠯ ᠪᠣᠯᠣᠯ᠎ᠠ ᠭᠡᠵᠦ ᠦᠵᠡᠨ᠎ᠡ᠃ | ︵ᠨᠢᠭᠡ︶ ᠭᠠᠵᠠᠷ ᠣᠰᠣᠨ ᠤ ᠨᠡᠷᠡᠶᠢᠳᠣᠯ ᠢ ᠦᠪᠯᠡᠭᠰᠡᠨ | ᠪᠠᠷᠭᠤᠴᠣᠳ ᠤᠨ ᠨᠡᠭᠦᠳᠡᠯ ᠮᠠᠯᠵᠢᠯ ᠵᠣᠭᠰᠣᠬᠤ ᠶᠢ ᠲᠠᠭᠠᠯᠳᠣᠨ᠂ ᠬᠠᠮᠳᠣ ᠨᠡᠶᠢᠳᠡ ᠶᠢᠨ ᠨᠡᠭᠦᠳᠡᠯ ᠨᠣᠳᠤᠭ ᠨᠢ ᠬᠦᠨᠳᠡᠯᠡᠨ ᠭᠤᠣᠯᠳᠣ ᠪᠠᠷ ᠬᠡᠰᠡᠭᠯᠡᠭᠳᠡᠭᠰᠡᠨ | ᠲᠠᠭᠠᠭᠠᠴᠢᠯᠠᠯᠳᠠ ᠶᠢᠨ ᠭᠠᠵᠠᠷ ᠪᠣᠯᠵᠣ ᠬᠤᠪᠢᠷᠠᠪᠠ᠃ ᠬᠠᠮᠳᠣ ᠪᠠᠷ ᠨᠡᠭᠦᠳᠡᠯᠯᠡᠵᠦ᠂ ᠨᠡᠶᠢᠳᠡ ᠣᠯᠠᠨ ᠤ ᠡᠵᠡᠮᠰᠢᠯ ᠪᠠᠶᠢᠭᠰᠠᠨ ᠨᠣᠳᠤᠭ ᠣᠰᠣ ᠨᠢ ᠬᠡᠰᠡᠭᠯᠡᠭᠳᠡᠨ | ᠲᠠᠰᠣᠳᠠᠭᠳᠠᠬᠤ ᠶᠢ ᠲᠠᠭᠠᠯᠳᠣᠨ᠂ ᠭᠠᠵᠠᠷ ᠣᠰᠣᠨ ᠤ ᠣᠣᠯ ᠤᠨ ᠨᠡᠷ᠎ᠡ ᠴᠦ ᠦᠢᠯᠡᠳᠦᠯ ᠢᠶᠠᠨ ᠠᠯᠳᠠᠪᠠ᠃ ᠦᠨᠡᠨ ᠢ ᠬᠡᠯᠡᠬᠦ ᠳᠤ ᠡᠷᠳᠡ ᠢᠵᠠᠭᠤᠷ ᠠᠴᠠ ᠠᠪᠣᠭᠠᠳ | ᠨᠡᠭᠦᠳᠡᠯᠴᠢᠳ ᠤᠨ ᠨᠣᠳᠤᠭ ᠨᠢ ᠬᠠᠮᠳᠣ ᠪᠠᠷ ᠠᠰᠢᠭᠯᠠᠬᠤ ᠵᠢᠮ᠎ᠡ ᠪᠠᠷ ᠦᠷᠬᠦᠯᠵᠢᠯᠡᠭᠰᠡᠭᠡᠷ ᠢᠷᠡᠭᠰᠡᠨ ᠶᠤᠮ᠃ ᠨᠡᠭᠦᠳᠡᠯᠴᠢᠳ ᠤᠨ ᠨᠣᠳᠤᠭ ᠣᠰᠣ ᠨᠢ ︽ᠮᠢᠨᠣ᠂ | ᠴᠢᠨᠣ︾ ᠬᠡᠮᠡᠬᠦ ᠬᠤᠪᠢᠶᠠᠷᠢ ᠲᠠᠢ ᠪᠣᠯᠣᠭᠰᠠᠨ ᠨᠢ ᠲᠡᠷᠦᠢ ᠪᠠᠶᠢᠭᠠᠯᠢᠯᠢᠭ ᠠᠮᠢ ᠠᠬᠤᠢ ᠶᠢᠨ ᠲᠡᠩᠴᠡᠭᠦᠷᠢ ᠶᠢ ᠡᠪᠳᠡᠵᠦ ᠪᠠᠶᠢᠭ᠎ᠠ ᠶᠢᠨ ᠲᠣᠳᠣᠷᠬᠠᠢ ᠢᠯᠡᠷᠡᠯ ᠪᠣᠯᠵᠣ | ᠪᠣᠢ᠃ ᠮᠣᠩᠭᠤᠯ ᠣᠷᠣᠨ ᠤ ᠨᠡᠭᠦᠳᠡᠯ ᠤᠨ ᠨᠣᠳᠤᠭ ᠢ ᠦᠷᠬᠦᠯᠵᠢᠯᠡᠨ ᠣᠳᠣᠬᠢ ᠠᠷᠭ᠎ᠠ ᠪᠠᠷ ᠠᠰᠢᠭᠯᠠᠬᠤ ᠳᠤ ᠬᠦᠷᠪᠡᠯ᠂ ᠭᠠᠵᠠᠷ ᠣᠰᠣᠨ ᠤ ᠣᠣᠯ ᠨᠡᠷᠡᠰ ᠨᠢ | ᠣᠷᠬᠢᠭᠳᠠᠬᠤ ᠶᠢᠨ ᠰᠠᠴᠠᠭᠤ ᠡᠳᠦᠷ ᠣᠳᠠᠭᠠᠨ ᠳᠠᠭᠠᠨ ᠲᠠᠯ᠎ᠠ ᠨᠣᠳᠤᠭ ᠤᠨ ᠪᠠᠶᠢᠭᠠᠯᠢ ᠶᠢᠨ ᠨᠢᠭᠤᠷ ᠲᠦᠷᠰᠦ ᠴᠦ ᠲᠠᠨᠢᠭᠳᠠᠬᠤ ᠪᠠᠨ ᠪᠣᠯᠢᠵᠦ᠂ ᠬᠤᠶᠢᠴᠢ | ᠦᠶ᠎ᠡ ᠶᠢᠨ ᠣᠷᠣᠰᠢᠨ ᠲᠣᠭᠳᠠᠨᠢᠯ ᠳᠤ ᠯᠣᠳᠣ ᠶᠡᠭᠡ ᠰᠦᠷᠳᠡᠭᠦᠯᠦᠯ ᠪᠣᠯᠬᠤ ᠶᠤᠮ᠃ | ᠣᠯᠠᠨ ᠤ ᠮᠡᠳᠡᠭᠡᠵᠢ ᠪᠠᠷ ᠮᠣᠩᠭᠤᠯᠴᠣᠳ ᠤᠨ ᠭᠠᠵᠠᠷ ᠣᠰᠣᠨ ᠤ ᠨᠡᠷᠡᠶᠢᠳᠣᠯ ᠤᠨ ᠠᠭᠤᠯᠣᠭᠳᠠᠬᠤᠨ ᠮᠠᠰᠢ ᠦᠷᠭᠡᠨ᠃ ᠲᠠᠷᠦᠢ ᠭᠠᠵᠠᠷ ᠣᠰᠣᠨ ᠤ ᠪᠠᠶᠢᠴᠠ᠂ | ᠣᠨᠴᠠᠯᠢᠭ ᠰᠢᠨᠵᠢ ᠪᠠᠷ ᠢᠯᠡᠳᠬᠡᠭᠰᠡᠨ ᠠᠴᠠ ᠭᠠᠳᠠᠨ᠎ᠠ ᠦᠨᠳᠣᠰᠣᠳᠠᠨ ᠶᠠᠰᠣᠳᠠᠨ ᠤ ᠲᠡᠦᠬᠡ ᠰᠣᠶᠣᠯ ᠤᠨ ᠦᠷᠭᠡᠨ ᠴᠠᠷ᠎ᠠ ᠶᠢ ᠬᠠᠮᠣᠷᠴᠣ ᠪᠠᠶᠢᠳᠠᠭ ᠶᠤᠮ᠃ | ᠲᠡᠶᠢᠮᠣ ᠠᠴᠠ ᠭᠠᠵᠠᠷ ᠣᠰᠣᠨ ᠤ ᠣᠶᠢᠯᠠᠯᠭ᠎ᠠ ᠶᠢ ᠨᠠᠷᠢᠨ ᠣᠨᠣᠪᠴᠢᠲᠡᠢ ᠨᠠᠶᠢᠷᠠᠭᠤᠯᠬᠤ ᠨᠢ ᠨᠣᠳᠤᠭ ᠣᠰᠣ᠂ ᠲᠡᠦᠬᠡ ᠰᠣᠶᠣᠯ ᠤᠨ ᠢᠶᠠᠨ ᠦᠪ ᠢ ᠬᠦᠮᠦᠷᠭᠡᠯᠡᠨ | ᠬᠠᠳᠠᠭᠠᠯᠠᠵᠣ ᠪᠠᠶᠢᠭ᠎ᠠ ᠶᠠᠪᠣᠳᠠᠯ ᠪᠢᠯᠡ᠃ ︽ᠣᠶᠢᠯᠠᠯᠭ᠎ᠠ︾ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠬᠠᠷᠢᠶᠠᠨ ᠳᠤ ᠪᠠᠭᠳᠠᠬᠤ ᠭᠠᠵᠠᠷ ᠣᠰᠣᠨ ᠤ ᠬᠡᠳᠦᠨ | ᠮᠢᠩᠭᠠᠨ ᠨᠡᠷᠡᠰ ᠢ ᠪᠦᠷᠢᠳᠬᠡᠨ᠂ ᠲᠡᠳᠡᠭᠡᠷ ᠤᠨ ᠪᠠᠶᠢᠷᠢᠰᠢᠯ ᠢ ᠨᠢᠭᠡᠳ ᠨᠢᠭᠡ ᠪᠠᠷ ᠨᠠᠷᠢᠨ ᠲᠣᠳᠣᠷᠬᠠᠶᠢᠯᠠᠵᠣ᠂ ᠬᠤᠯᠪᠣᠭᠳᠠᠯ ᠪᠦᠬᠦᠢ ᠲᠡᠦᠬᠡ ᠰᠣᠶᠣᠯ ᠤᠨ | ᠠᠭᠤᠯᠭ᠎ᠠ ᠶᠢ ᠡᠮᠬᠢᠳᠬᠡᠨ ᠣᠷᠣᠭᠤᠯᠣᠭᠰᠠᠨ ᠨᠢ ᠡᠭᠦᠷᠢᠳᠡ ᠪᠠᠯᠠᠷᠠᠰᠢ ᠦᠭᠡᠢ ᠰᠣᠶᠣᠯ ᠣᠯᠠᠮᠵᠢᠯᠠᠯ ᠤᠨ ᠦᠪ ᠪᠣᠯᠵᠣ ᠰᠦᠨᠳᠡᠷᠯᠡᠭᠰᠡᠨ ᠭᠡᠬᠦ ᠳᠤ ᠢᠯᠡᠭᠦᠳᠡᠬᠦ ᠦᠭᠡᠢ | ᠃ | ︵ᠬᠤᠶᠠᠷ︶ ᠰᠣᠷᠭᠠᠨ ᠬᠦᠮᠦᠵᠢᠯ ᠪᠠ ᠰᠣᠳᠣᠯᠭᠠᠨ ᠤ ᠰᠢᠨᠵᠢ | ᠦᠨᠳᠣᠰᠣᠳᠠᠨ ᠶᠠᠰᠣᠳᠠᠨ ᠤ ᠣᠯᠠᠮᠵᠢᠯᠠᠯ ᠰᠣᠶᠣᠯ ᠨᠢ ᠬᠤᠶᠢᠴᠢ ᠶᠢᠨ ᠦᠷ᠎ᠡ ᠠᠴᠢᠨᠠᠷ ᠲᠠᠭᠠᠨ ᠦᠶ᠎ᠡ ᠲᠠᠮᠵᠢᠨ ᠵᠠᠯᠭᠠᠮᠵᠢᠯᠠᠭᠳᠠᠵᠣ᠂ ᠲᠠᠨᠢᠭᠤᠯᠣᠨ | ᠬᠦᠮᠦᠵᠢᠭᠦᠯᠬᠦ ᠣᠶᠢᠯᠡᠳᠣᠯ ᠦᠵᠡᠭᠦᠯᠳᠡᠭ᠃ ᠬᠦᠮᠣᠨ ᠲᠦᠷᠦᠯᠬᠢᠳᠡᠨ ᠤ ᠠᠵᠣ ᠪᠠᠶᠢᠳᠠᠯ ᠨᠢ ᠴᠦᠮ ᠯᠡ ᠭᠠᠵᠠᠷ ᠨᠣᠳᠤᠭᠡᠴᠠ ᠡᠬᠢᠯᠡᠨ᠎ᠡ᠃ ᠲᠡᠶᠢᠮᠣ ᠠᠴᠠ ᠨᠣᠳᠤᠭ | ᠣᠰᠣᠨ ᠤ ᠪᠠᠨ ᠲᠣᠬᠠᠢ ᠮᠡᠳᠡᠯᠭᠡ ᠮᠦᠴᠢᠳ ᠶᠤᠮ ᠪᠣᠯ ᠦᠨᠳᠣᠰᠣᠳᠠᠨ ᠶᠠᠰᠣᠳᠠᠨ ᠤ ᠲᠡᠦᠬᠡ ᠰᠣᠶᠣᠯ ᠢᠶᠠᠨ ᠴᠢᠨᠠᠭᠰᠢᠳᠠ ᠭᠦᠨᠵᠡᠭᠡᠢ ᠣᠶᠢᠯᠠᠭᠠᠬᠤ ᠪᠣᠯᠦᠮᠵᠢ | ᠦᠭᠡᠢ ᠶᠤᠮ᠃ ︽ᠣᠶᠢᠯᠠᠯᠭ᠎ᠠ︾ ᠳᠤ ᠪᠠᠷᠭᠤᠴᠣᠳ ᠤᠨ ᠲᠡᠦᠬᠡ ᠰᠣᠶᠣᠯᠤᠨ ᠦᠷᠭᠡᠨ ᠪᠠᠶᠠᠯᠢᠭ ᠠᠭᠤᠯᠭ᠎ᠠ ᠬᠠᠮᠣᠷᠣᠭᠳᠠᠨ ᠣᠷᠣᠭᠰᠠᠨ ᠪᠣᠯᠬᠤᠷ ᠲᠡᠷᠡ ᠨᠢ ᠮᠥᠨ | ᠴᠦ ᠪᠠᠷᠭᠤ ᠰᠣᠶᠣᠯ ᠤᠨ ᠵᠢᠭᠠᠬᠤ ᠮᠠᠲᠧᠷᠢᠶᠠᠯ ᠤᠨ ᠦᠢᠯᠡᠳᠦᠯ ᠲᠠᠢ ᠪᠣᠯᠣᠭᠰᠠᠨ ᠪᠠᠶᠢᠳᠠᠭ᠃ ᠵᠢᠱᠢᠶᠡᠯᠡᠬᠦ ᠳᠤ᠂ ᠣᠳᠣᠬᠠᠨ ᠳᠤ ᠪᠦᠬᠦ ᠬᠦᠯᠦᠨ ᠪᠤᠶᠢᠷ ᠢᠶᠠᠷ ᠢᠶᠠᠨ | ᠰᠦᠰᠦᠭᠯᠡᠨ ᠲᠠᠬᠢᠬᠤ ᠪᠣᠯᠣᠭᠰᠠᠨ ︽ᠪᠠᠷᠭᠤ ᠶᠢᠨ ᠪᠣᠭᠳᠠ ᠠᠭᠤᠯᠠ︾ ᠶᠢᠨ ᠲᠣᠬᠠᠢ ᠲᠡᠦᠬᠡᠨ ᠲᠠᠨᠢᠯᠴᠠᠭᠤᠯᠭ᠎ᠠ ᠨᠢ ᠨᠠᠷᠢᠯᠢᠭ ᠪᠦᠭᠡᠳ ᠪᠣᠳᠠᠳᠠᠢ ᠪᠣᠯᠪᠠ᠃ ᠲᠠᠷᠦᠢ | ᠪᠣᠭᠳᠠ ᠠᠭᠤᠯᠠ ᠶᠢᠨ ᠪᠠᠶᠢᠷᠢᠰᠢᠯ᠂ ᠪᠣᠭᠳᠠ ᠠᠭᠤᠯᠠ ᠶᠢᠨ ᠣᠷᠴᠢᠮ ᠳᠤ ᠶᠠᠪᠣᠭᠳᠠᠭᠰᠠᠨ ᠲᠡᠦᠬᠡ ᠶᠢᠨ ᠴᠢᠬᠤᠯᠠ ᠡᠷᠭᠢᠴᠡᠭᠦᠯᠦᠯ ᠤᠳ ᠵᠢᠴᠢ ᠪᠠᠷᠭᠤᠴᠣᠳ ᠤᠨ | ᠪᠣᠭᠳᠠ ᠠᠭᠤᠯᠠ ᠶᠢ ᠲᠠᠬᠢᠵᠣ ᠪᠠᠶᠢᠭᠰᠠᠨ ᠶᠠᠪᠣᠴᠠ ᠶᠢ ᠪᠣᠳᠠᠳᠣ ᠪᠠᠷᠢᠮᠳᠠ ᠪᠠᠷ ᠨᠣᠳᠠᠯᠠᠨ ᠲᠠᠨᠢᠯᠴᠠᠭᠤᠯᠪᠠ᠃ ᠲᠠᠬᠢᠪᠠᠯ ᠭᠠᠵᠠᠷ ᠣᠰᠣᠨ ᠤ ᠨᠡᠷ᠎ᠡ ᠪᠦᠷᠢ ᠳᠤ | ᠬᠢᠳᠠᠳ ᠲᠠᠭᠤᠳᠠᠯᠭ᠎ᠠ ᠶᠢ ᠬᠠᠳᠠᠭᠰᠠᠨ ᠨᠢ ᠭᠠᠵᠠᠷ ᠣᠰᠣᠨ ᠤ ᠨᠡᠷ᠎ᠡ ᠶᠢ ᠬᠠᠵᠠᠭᠠᠢ ᠪᠣᠷᠣᠭᠤ ᠲᠡᠮᠳᠡᠭᠯᠡᠬᠦ ᠦᠵᠡᠭᠳᠡᠯ ᠭᠠᠷᠬᠤ ᠠᠴᠠ ᠰᠡᠷᠭᠡᠶᠢᠯᠡᠵᠦ ᠴᠢᠳᠠᠨ᠎ᠠ᠃ | ᠲᠡᠷᠦᠢ ᠭᠠᠵᠠᠷ ᠣᠰᠣᠨ ᠤ ᠨᠡᠷ᠎ᠡ ᠲᠣᠮᠢᠶ᠎ᠡ ᠶᠢ ᠲᠦᠷᠢᠮᠵᠢᠭᠦᠯᠬᠦ ᠳᠤ ᠠᠰᠢᠭ ᠲᠠᠢ ᠶᠤᠮ᠃ | ︵ᠭᠤᠷᠪᠠ︶ ᠬᠡᠪ ᠲᠠᠭᠤᠷᠢᠶᠠᠯ ᠤᠨ ᠦᠢᠯᠡᠳᠣᠯ ᠲᠠᠢ | ᠭᠠᠵᠠᠷ ᠣᠰᠣᠨ ᠤ ᠨᠡᠷᠡᠶᠢᠳᠦᠯ ᠢ ᠰᠣᠶᠣᠯ ᠲᠡᠦᠬᠡ ᠶᠢᠨ ᠡᠭᠦᠳᠡᠨ ᠠᠴᠠ ᠴᠣᠭᠯᠠᠭᠤᠯᠣᠨ ᠡᠮᠬᠢᠳᠬᠡᠬᠦ ᠠᠵᠢᠯ ᠦᠷᠭᠡᠨ ᠬᠡᠪᠴᠢᠶ᠎ᠡ ᠪᠠᠷ ᠦᠷᠬᠦᠯᠵᠢᠯᠡᠭᠰᠡᠭᠡᠷ | ᠪᠠᠶᠢᠭ᠎ᠠ ᠶᠤᠮ᠃ ᠡᠭᠦᠨ ᠳᠤ ᠬᠦᠮᠣᠰ ᠠᠳᠠᠯᠢ ᠪᠣᠰᠣ ᠶᠢᠨ ᠠᠷᠭ᠎ᠠ ᠬᠡᠯᠪᠡᠷᠢ ᠶᠢ ᠠᠰᠢᠭᠯᠠᠵᠣ ᠬᠡᠷᠡᠭᠯᠡᠭᠰᠡᠭᠡᠷ ᠪᠣᠢ᠃ ᠲᠣᠰ ︽ᠣᠶᠢᠯᠠᠯᠭ᠎ᠠ︾ ᠨᠢ ᠮᠣᠩᠭᠤᠯ | ᠨᠣᠳᠤᠭ ᠤᠨ ᠭᠠᠵᠠᠷ ᠣᠰᠣᠨ ᠤ ᠨᠡᠷ᠎ᠡ ᠶᠢ ᠰᠣᠶᠣᠯ ᠲᠡᠦᠬᠡ ᠶᠢᠨ ᠡᠭᠦᠳᠡᠨ ᠠᠴᠠ ᠪᠦᠷᠢᠳᠬᠡᠨ ᠡᠮᠬᠢᠳᠬᠡᠬᠦ ᠳᠤ ᠬᠡᠯᠪᠡᠷᠢ ᠰᠲᠢᠯᠢ ᠶᠢᠨ ᠬᠤᠪᠢ ᠳᠤ ᠲᠠᠭᠤᠷᠢᠶᠠᠯ | ᠪᠣᠯᠬᠤ ᠦᠢᠯᠡᠳᠦᠯ ᠲᠠᠢ ᠭᠡᠵᠦ ᠦᠵᠡᠨ᠎ᠡ᠃ ᠣᠴᠢᠷ ᠨᠢ ᠣᠣᠯ ︽ᠣᠶᠢᠯᠠᠯᠭ᠎ᠠ︾ ᠨᠢ ᠠᠭᠤᠯᠭ᠎ᠠ ᠬᠡᠯᠪᠡᠷᠢ ᠠᠯᠢ ᠲᠠᠯ᠎ᠠ ᠠᠴᠠ ᠦᠵᠡᠭᠰᠡᠨ ᠴᠦ ᠦᠭᠡᠯᠡᠵᠦ ᠬᠠᠶᠠᠮᠠᠷ | ᠢᠯᠡᠭᠦᠦ ᠵᠦᠢᠯ ᠦᠭᠡᠢ᠂ ᠲᠡᠭᠡᠳᠦ ᠬᠡᠮᠵᠢᠶᠡᠨ ᠤ ᠲᠡᠭᠦᠯᠳᠡᠷᠵᠢᠭᠰᠡᠨ ᠬᠡᠪ ᠲᠤ ᠬᠦᠷᠦᠭᠰᠡᠨ ᠪᠠᠶᠢᠳᠠᠭ᠃ ᠣᠳᠣᠬᠠᠨ ᠳᠤ ᠭᠠᠵᠠᠷ ᠣᠰᠣᠨ ᠤ ᠣᠶᠢᠯᠠᠯᠭ᠎ᠠ᠂ ᠭᠠᠵᠠᠷ | ᠣᠰᠣᠨ ᠤ ᠲᠣᠮᠤᠭ ᠢ ᠴᠣᠭᠯᠠᠭᠤᠯᠣᠨ ᠨᠠᠶᠢᠷᠠᠭᠤᠯᠵᠣ ᠪᠠᠶᠢᠭ᠎ᠠ ᠪᠢᠴᠢᠭᠳᠡᠳ ᠲᠤ ᠲᠤᠳᠠᠭᠳᠠᠵᠣ ᠪᠣᠯᠣᠰᠢ ᠦᠭᠡᠢ ᠭᠠᠷ ᠠᠪᠣᠯᠭ᠎ᠠ ᠪᠣᠯᠬᠤ ᠪᠣᠯᠣᠮᠵᠢ ᠪᠦᠷᠢᠨ ᠪᠣᠢ᠃ | ᠶᠠᠷᠢᠶᠠᠨ ᠦᠭᠡᠢ ᠲᠣᠳᠠᠭᠤ ᠶᠢ ᠨᠦᠬᠦᠪᠣᠷᠢᠯᠡᠵᠦ ᠴᠢᠨᠠᠭᠰᠢᠳᠠ ᠴᠢᠨᠠᠷᠵᠢᠭᠤᠯᠵᠣ ᠪᠣᠯᠬᠤ ᠪᠣᠯᠦᠮᠵᠢ ᠶᠠᠮᠠᠷ ᠴᠦ ᠪᠦᠲᠦᠭᠡᠯ ᠳᠤ ᠣᠷᠣᠰᠢᠳᠠᠭ ᠶᠤᠮ᠃ ᠲᠡᠶᠢᠮᠣ ᠠᠴᠠ | ᠭᠠᠵᠠᠷ ᠣᠰᠣᠨ ᠤ ᠨᠡᠷ᠎ᠡ ᠶᠢ ᠡᠮᠬᠢᠳᠬᠡᠭᠴᠢᠳ ᠠᠴᠠ ︽ᠣᠶᠢᠯᠠᠯᠭ᠎ᠠ︾ ᠶᠢᠨ ᠪᠦᠲᠦᠴᠡ ᠬᠡᠯᠪᠡᠷᠢ ᠶᠢ ᠪᠦᠲᠦᠭᠡᠯᠴᠢ ᠪᠠᠷ ᠠᠰᠢᠭᠯᠠᠵᠣ᠂ ᠬᠦᠭᠵᠢᠭᠦᠯᠦᠨ ᠰᠢᠨᠡᠴᠢᠯᠡᠪᠡᠯ | ᠨᠡᠩ ᠰᠠᠶᠢᠨ ᠦᠷ᠎ᠡ ᠪᠦᠲᠦᠮᠵᠢ ᠣᠯᠬᠤ ᠪᠢᠵᠡ᠃ ᠶᠠᠮᠠᠷ ᠪᠠᠶᠢᠭᠰᠠᠨ ᠴᠦ ᠲᠣᠰ ︽ᠣᠶᠢᠯᠠᠯᠭ᠎ᠠ︾ ᠨᠢ ᠣᠶᠣᠳᠠᠨ ᠰᠣᠷᠣᠭᠴᠢ᠂ ᠨᠣᠳᠤᠭ ᠣᠰᠣᠨ ᠤ ᠲᠡᠦᠬᠡ | ᠰᠣᠶᠣᠯ ᠢ ᠡᠮᠬᠢᠳᠬᠡᠭᠴᠢᠳ᠂ ᠰᠣᠳᠣᠯᠭᠠᠳᠠᠳ ᠲᠤ ᠦᠷᠭᠡᠨ ᠠᠰᠢᠭᠯᠠᠭᠳᠠᠬᠤ ᠭᠠᠷ ᠠᠪᠣᠯᠭ᠎ᠠ ᠶᠢᠨ ᠪᠢᠴᠢᠭ ᠪᠣᠯᠬᠤ ᠬᠡᠮᠵᠢᠶᠡᠨ ᠳᠤ ᠬᠦᠷᠦᠭᠰᠡᠨ ᠭᠡᠵᠦ ᠦᠵᠡᠨ᠎ᠡ᠃ | | ᠬᠤᠷᠢᠶᠠᠩᠭᠤᠶᠢᠯᠠᠪᠠᠯ᠂ ᠨᠡᠭᠡᠶᠢᠳᠤ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ ᠬᠤᠰᠢᠭᠤᠨ ᠤ ᠭᠠᠵᠠᠷ ᠤᠨ ᠨᠡᠷᠡᠰ ᠤᠨ ᠣᠶᠢᠯᠠᠯᠭ᠎ᠠ︾ ᠨᠢ | ᠨᠣᠳᠤᠭ ᠣᠰᠣᠨ ᠤ ᠭᠠᠵᠠᠷ ᠤᠨ ᠨᠡᠷᠡᠰ ᠤᠨ ᠣᠶᠢᠯᠠᠯᠭ᠎ᠠ ᠶᠢᠨ ᠳᠣᠳᠣᠷ᠎ᠠ ᠦᠪᠡᠷᠮᠢᠴᠡ ᠦᠩᠭᠡ ᠪᠤᠳᠤᠭ ᠢ ᠨᠡᠮᠡᠷᠢᠯᠡᠭᠰᠡᠨ ᠲᠣᠷᠪᠢᠯᠢᠭ ᠪᠦᠲᠦᠭᠡᠯ ᠪᠣᠯᠣᠭᠰᠠᠨ | ᠪᠠᠶᠢᠨ᠎ᠠ᠃ ᠦᠭᠡᠷ᠎ᠡ ᠪᠠᠷ ᠬᠡᠯᠡᠪᠡᠯ᠂ ᠭᠠᠵᠠᠷ ᠣᠰᠣᠨ ᠤ ᠨᠡᠷᠡᠶᠢᠳᠣᠯ ᠳᠤ ᠬᠤᠯᠪᠣᠭᠳᠠᠭᠰᠠᠨ ᠠᠳᠠᠯᠢ ᠰᠡᠳᠣᠪᠳᠣ ᠣᠯᠠᠨ ᠪᠦᠲᠦᠭᠡᠯ ᠤᠨ ᠳᠣᠳᠣᠷ᠎ᠠ ᠣᠨᠴᠠᠭᠠᠢ | ᠲᠣᠳᠣᠷᠠᠨ ᠬᠠᠷᠠᠭᠳᠠᠬᠤ ᠰᠣᠳᠣᠨ ᠪᠦᠲᠦᠭᠡᠯ ᠪᠣᠯᠪᠠ᠃ | | |