ᠰᠤᠷᠭᠠᠭᠤᠯᠢ ᠵᠤᠨ ᠤ ᠠᠮᠠᠷᠠᠯᠳᠠ ᠲᠠᠯᠪᠢᠬᠤ ᠲᠠᠢ ᠵᠡᠷᠭᠡ ᠬᠡᠷ ᠤᠨ ᠠᠬᠠᠮᠠᠳᠴᠤᠤᠯ ᠤᠷᠤᠯᠳᠤᠵᠤ ᠮᠦᠷᠦ᠋ᠢᠴᠡᠵᠤ ᠪᠠᠶᠢᠭ᠎ᠠ ᠰᠢᠬ ᠢᠶᠠᠷ ᠦᠷ᠎ᠠ ᠬᠡᠦᠬᠡᠳ ᠢᠶᠠᠨ ᠡᠨᠡ | ᠲᠡᠷᠡ ᠲᠠᠪᠳᠠᠬᠤ ᠠᠩᠬᠢ᠂ ᠪᠤᠯᠪᠠᠰᠤᠷᠠᠯ ᠤᠨ ᠬᠢᠴᠢᠶᠠᠯ ᠳᠤ ᠰᠠᠭᠤᠯᠭᠠᠬᠤ ᠬᠡᠵᠤ ᠶᠠᠭᠠᠷᠠᠯᠳᠤᠨ᠎ᠠ᠃ ᠵᠢᠷᠤᠬ ᠪᠢᠴᠢᠯᠬᠡ᠂ ᠲᠠᠭᠤᠤ ᠬᠦᠭᠵᠢᠮ᠂ ᠲᠤᠭᠠᠨ ᠤ ᠤᠬᠠᠭᠠᠨ᠂ | ᠵᠤᠬᠢᠶᠠᠨ ᠪᠢᠴᠢᠯᠬᠡ᠂ ᠭᠠᠳᠠᠭᠠᠳᠤ ᠬᠡᠯᠡ᠂ ᠴᠢᠨᠠᠬᠰᠢᠯᠠᠨ ᠬᠦᠯ ᠪᠦᠮᠪᠦᠭᠡ᠂ ᠨᠢᠳᠤᠷᠭᠠᠨ ᠡᠷᠳᠡᠮ ᠬᠡᠵᠤ ᠲᠤᠭᠠᠯᠠᠵᠤ ᠪᠦᠷᠢᠳᠬᠡᠬᠡᠳ ᠪᠠᠷᠠᠰᠢ ᠦᠬᠡᠢ ᠪᠤᠯᠪᠠᠰᠤᠷᠠᠯ | ᠲᠠᠰᠬᠠᠯ ᠳᠤ ᠤᠷᠤᠯᠴᠠᠭᠤᠯᠵᠤ᠂ ᠦᠷ᠎ᠠ ᠬᠡᠦᠬᠡᠳ ᠨᠢ ᠦᠢᠯᠡ ᠪᠠᠨ ᠦᠵᠡᠵᠤ᠂ ᠦᠪᠡᠷ ᠤᠨ ᠪᠠᠶ᠎ᠠ ᠨᠢ ᠴᠤ ᠤᠯᠵᠠ ᠬᠡᠵᠤ ᠲᠤᠩ ᠬᠤᠮᠰᠠ ᠪᠠᠶᠢᠳᠠᠬ᠃ | | ᠦᠪᠡᠷ ᠤᠨ ᠰᠤᠷᠴᠤ ᠲᠡᠶᠢᠯᠦᠭᠰᠡᠨ ᠦᠬᠡᠢ᠂ ᠡᠵᠡᠮᠰᠢᠵᠤ ᠤᠯᠤᠬᠰᠠᠨ ᠦᠬᠡᠢ᠂ ᠬᠦᠷᠴᠤ ᠴᠢᠳᠠᠬᠰᠠᠨ ᠦᠬᠡᠢ ᠠᠯᠢ ᠪᠠᠶᠢᠬᠰᠠᠨ ᠬᠦᠰᠡᠯ ᠢᠳᠡᠬᠡᠯ ᠢᠶᠠᠨ | ᠬᠡᠦᠬᠡᠳ ᠲᠡᠭᠡᠨ ᠲᠤᠬᠤᠵᠤ᠂ ᠤᠯᠠᠨ ᠠᠴᠠ ᠤᠷᠦ᠋ᠢᠯᠠᠬᠰᠠᠨ ᠴᠢᠳᠠᠪᠤᠷᠢᠳᠠᠨ ᠪᠤᠯᠵᠤ ᠶᠠᠪᠤᠬᠤ ᠶᠢ ᠬᠦᠰᠡᠵᠤ ᠨᠠᠶᠢᠳᠠᠵᠤ ᠴᠢᠨᠠᠬᠰᠢᠯᠠᠨ ᠬᠠᠷ᠎ᠠ ᠠᠯᠪᠠ ᠪᠠᠷ | ᠰᠢᠬᠠᠮᠳᠠᠭᠤᠯᠤᠨ ᠬᠦᠢᠴᠡᠳᠬᠡᠬᠦ ᠬᠡᠵᠤ ᠵᠢᠳᠬᠦᠳᠡᠭ ᠨᠢ ᠮᠠᠨᠠᠶᠢᠬᠢᠨ ᠤ ᠬᠢᠳᠡᠯ ᠠᠪᠳᠠᠯ ᠶᠤᠮ᠃ ᠲᠡᠬᠡᠬᠡᠳ ᠯᠡ ᠡᠨᠡ ᠪᠦᠬᠦᠢ ᠵᠤᠷᠢᠯᠳᠠ ᠳᠤ ᠬᠦᠷᠬᠦ ᠵᠠᠮ ᠮᠦᠷᠢᠶ᠋ᠠᠨ | ᠲᠠᠪᠳᠠᠬᠤ ᠠᠩᠬᠢ᠂ ᠪᠤᠯᠪᠠᠰᠤᠷᠠᠯ ᠤᠨ ᠬᠢᠴᠢᠶᠠᠯ ᠢᠶᠠᠷ ᠪᠡᠶᠡᠯᠡᠬᠦᠯᠬᠦ ᠬᠡᠵᠤ ᠴᠠᠬ ᠢᠶᠠᠨ ᠵᠠᠷᠤᠴᠠᠭᠤᠯᠵᠤ᠂ ᠵᠤᠭᠤᠰ ᠢᠶᠠᠨ ᠦᠷᠡᠬᠡᠵᠤ᠂ ᠪᠠᠰᠠ ᠴᠢᠳᠠᠯ ᠢᠶᠠᠨ | ᠦᠵᠡᠯᠴᠡᠨᠠ᠃ ᠬᠡᠦᠬᠡᠳᠢᠶ᠋ᠠᠨ ᠠᠮᠠᠷᠠᠯᠳᠠ ᠶᠢᠨ ᠬᠤᠭᠤᠴᠠᠭᠠᠨ ᠳᠤ ᠰᠢᠮᠳᠡᠨ ᠰᠤᠷᠤᠯᠴᠠᠭᠤᠯᠵᠤ᠂ ᠡᠷᠳᠡ ᠠᠴᠠ ᠰᠤᠷᠤᠯᠴᠠᠭᠤᠯᠵᠤ᠂ ᠢᠯᠡᠬᠦᠬᠡᠨ ᠰᠤᠷᠤᠯᠴᠠᠭᠤᠯᠵᠤ᠂ | ᠤᠢᠢᠯᠠᠭᠠᠭᠤᠯᠵᠤ ᠡᠵᠡᠮᠰᠢᠭᠦᠯᠵᠤ ᠲᠡᠭᠡᠭᠰᠢᠯᠡᠬᠦᠯᠬᠦ ᠬᠡᠳᠡᠭ ᠬᠡᠷ ᠤᠨ ᠠᠬᠠᠮᠠᠳ ᠤᠨ ᠪᠤᠳᠤᠯ ᠰᠡᠳᠬᠢᠯ ᠢ ᠬᠡᠨ ᠴᠤ ᠤᠢᠢᠯᠠᠭᠠᠵᠤ ᠪᠤᠯᠤᠨ᠎ᠠ᠃ ᠠᠰᠠᠭᠤᠳᠠᠯ ᠨᠢ ᠬᠡᠪᠡᠯ | ᠠᠬᠠᠮᠠᠳᠴᠤᠤᠯ ᠤᠨ ᠵᠤᠭᠤᠰ ᠮᠦᠡᠭᠬᠦ ᠶᠢᠨ ᠤᠷᠤᠭᠤᠯᠤᠯᠳᠠ ᠨᠢ ᠬᠦᠰᠡᠵᠤ ᠵᠤᠷᠢᠬᠰᠠᠨ ᠬᠠᠷᠢᠭᠤ ᠪᠠᠨ ᠤᠯᠵᠤ ᠲᠡᠶᠢᠯᠬᠦ ᠨᠢ ᠬᠡᠳᠦ ᠯᠡ ᠪᠠᠶᠢᠬᠤᠪ ᠳ᠋ᠠ᠃ ᠬᠡᠦᠬᠡᠳ ᠤᠨ | ᠪᠠᠶ᠎ᠠ ᠰᠡᠳᠬᠢᠯ ᠤᠨ ᠤᠨᠴᠠᠯᠢᠬ ᠪᠤᠯᠤᠨ ᠰᠤᠷᠭᠠᠨ ᠬᠦᠮᠦᠵᠢᠯ ᠤᠨ ᠵᠢᠮ᠎ᠠ ᠶᠤᠰᠤ ᠨᠢ ᠪᠢᠳᠡᠨ ᠳᠤ ᠪᠠᠶᠢᠳᠠᠯ ᠳᠤᠨᠢ ᠲᠤᠬᠢᠷᠠᠭᠤᠯᠤᠨ ᠵᠢᠭᠠᠨ ᠰᠤᠷᠭᠠᠵᠤ᠂ ᠬᠦᠮᠦᠵᠢᠯ ᠤᠨ | ᠲᠤᠮᠳᠠ ᠠᠴᠠ ᠪᠠᠶᠠᠷ ᠴᠡᠩᠭᠡᠯ ᠡᠳ᠋ᠯᠡᠬᠦᠯᠦᠨ᠂ ᠬᠦᠮᠦᠵᠢᠯ ᠤᠨ ᠲᠤᠮᠳᠠ ᠠᠴᠠ ᠲᠠᠪᠠᠭᠤᠯᠢᠬ ᠢ ᠨᠢ ᠪᠠᠳᠠᠷᠠᠭᠤᠯᠬᠤ ᠬᠡᠳᠡᠭ ᠪᠤᠷᠤᠬᠵᠢᠭᠤᠨ ᠶᠤᠰᠤ ᠤᠴᠢᠷ ᠢ ᠶᠠᠷᠢᠵᠤ | ᠦᠭᠬᠦᠭᠰᠡᠨ ᠪᠢᠯᠠ᠃ ᠲᠡᠬᠡᠬᠦ ᠪᠠᠷ ᠬᠡᠦᠬᠡᠳ ᠲᠠᠢ ᠪᠠᠨ ᠬᠠᠨᠢᠰᠤᠨ ᠨᠠᠭᠠᠳᠬᠤ ᠤᠯᠳᠠᠰᠢ ᠦᠬᠡᠢ ᠰᠠᠶᠢᠬᠠᠨ ᠴᠠᠬ ᠲᠠᠭᠠᠨ ᠦᠷᠦᠬᠡᠯ ᠪᠤᠰᠤᠳ ᠲᠤ ᠲᠤᠰᠢᠶᠠᠵᠤ | ᠦᠭᠬᠦᠬᠡᠳ ᠵᠢᠭᠠᠵᠤ ᠰᠤᠷᠭᠠᠬᠤ ᠶᠢ ᠨᠠᠶᠢᠳᠠᠬᠤ ᠠᠴᠠ ᠦᠪᠡᠷᠤᠨ ᠬᠠᠵᠠᠭᠤ ᠳᠠᠭᠠᠨ ᠬᠡᠦᠬᠡᠳ ᠢᠶᠠᠨ ᠢᠯᠡᠬᠦᠦ ᠪᠠᠶᠢᠯᠭᠠᠵᠤ᠂ ᠪᠤᠳᠠᠳᠠᠢ ᠪᠠᠶᠢᠳᠠᠯ ᠳᠤᠨᠢ ᠲᠤᠬᠢᠷᠠᠭᠤᠯᠤᠨ᠂ | ᠴᠢᠭᠯᠡᠬᠦᠯᠦᠯᠳᠤ ᠴᠢᠨᠠᠷᠳᠠᠢ ᠪᠠᠷ ᠵᠢᠭᠠᠨ ᠰᠤᠷᠭᠠᠪᠠᠯ ᠰᠠᠶ᠋ᠢ ᠪᠡᠶᠡᠴᠢᠯᠡᠵᠤ ᠬᠦᠢᠴᠡᠳᠬᠡᠵᠤ ᠪᠤᠯᠤᠮᠠᠷ ᠬᠦᠮᠦᠵᠢᠯ ᠪᠤᠯᠤᠨ᠎ᠠ ᠬᠡᠵᠤ ᠪᠢ ᠦᠵᠡᠨ᠎ᠠ᠃ | ᠤᠴᠢᠷ ᠨᠢ ᠬᠡᠷ ᠤᠨ ᠠᠬᠠᠮᠠᠳ ᠨᠢ ᠰᠠᠶ᠋ᠢ ᠬᠡᠦᠬᠡᠳ ᠢᠶᠠᠨ ᠲᠤᠤᠱᠳᠠᠢ ᠤᠢᠢᠯᠠᠭᠠᠵᠤ᠂ ᠲᠠᠪᠠᠭᠤᠯᠢᠬ ᠪᠠ ᠲᠤᠳᠠᠬᠳᠠᠯ ᠢ ᠨᠢ ᠮᠡᠳᠡᠳᠡᠭ ᠪᠤᠯᠬᠤᠷ ᠪᠤᠳᠠᠳᠠᠢ ᠳᠤᠨᠢ | ᠴᠢᠭᠯᠡᠬᠦᠯᠦᠨ ᠰᠤᠷᠭᠠᠬᠤ ᠳᠤ ᠨᠡᠩ ᠲᠤᠬᠢᠷᠠᠮᠵᠢᠳᠠᠢ ᠪᠠᠶᠢᠳᠠᠬ᠃ ᠬᠡᠦᠬᠡᠳ ᠴᠤ ᠦᠰᠬᠦ ᠲᠤᠳᠤᠮ ᠢᠶᠠᠨ ᠮᠡᠳᠡᠯᠬᠡᠶᠢᠨ ᠲᠠᠯ᠎ᠠ ᠶᠢᠨ ᠬᠡᠷᠡᠭᠴᠡᠭᠡ ᠱᠠᠭᠠᠷᠳᠠᠯᠭ᠎ᠠ ᠠᠴᠠ | ᠭᠠᠳᠠᠨ᠎ᠠ ᠪᠠᠰᠠ ᠬᠠᠶᠢᠷ᠎ᠠ ᠰᠡᠳᠬᠢᠯᠬᠡ ᠶᠢᠨ ᠲᠠᠯ᠎ᠠ ᠶᠢᠨ ᠬᠠᠨᠤᠮᠵᠢ᠂ ᠦᠷᠳᠡᠭ ᠤᠨ ᠦᠵᠡᠯᠳᠡ ᠶᠢᠨ ᠬᠦᠳᠦᠯᠦᠮᠵᠢ᠂ ᠰᠤᠷᠬᠤ ᠶᠢᠨ ᠬᠦᠳᠡᠯᠬᠡᠬᠦ ᠬᠦᠴᠦᠨ ᠤ ᠲᠠᠯ᠎ᠠ ᠶᠢᠨ | ᠵᠤᠷᠢᠬᠵᠢᠭᠤᠯᠤᠯ ᠢ ᠬᠡᠷᠡᠭᠰᠡᠳᠡᠭ᠃ ᠦᠯᠡᠮᠵᠢ ᠤᠯᠠᠨ ᠪᠤᠳᠠᠳᠤ ᠶᠠᠪᠤᠳᠠᠯ ᠬᠡᠷᠡᠴᠢᠯᠡᠭᠰᠡᠨ ᠨᠢ ᠠᠪᠤ ᠡᠵᠢ ᠨᠢ ᠬᠠᠵᠠᠭᠤ ᠳᠤ ᠨᠢ ᠪᠠᠶᠢᠭ᠎ᠠ ᠬᠦᠮᠦᠵᠢᠯ ᠪᠤᠯ ᠬᠠᠮᠤᠭ ᠤᠨ | ᠭᠤᠶᠤ ᠰᠠᠶᠢᠬᠠᠨ ᠪᠦᠬᠡᠳ ᠬᠠᠮᠤᠭ ᠤᠨ ᠦᠷ᠎ᠠ ᠪᠦᠲᠦᠮᠵᠢᠳᠠᠢ ᠬᠦᠮᠦᠵᠢᠯ ᠪᠤᠯᠤᠨ᠎ᠠ᠃ ᠠᠪᠤ ᠡᠵᠢ ᠨᠢ ᠦᠨᠳᠤᠷ ᠴᠢᠨᠡᠷ ᠴᠢᠨᠰᠠᠭ᠎ᠠ ᠪᠠᠷ ᠬᠡᠦᠬᠡᠳᠲ᠋ᠤ ᠪᠠᠨ | ᠬᠠᠨᠢᠰᠬᠤ ᠳᠤ ᠬᠡᠦᠬᠡᠳ ᠬᠠᠮᠤᠭ ᠤᠨ ᠠᠮᠤᠷ ᠲᠦᠪᠰᠢᠨ ᠤ ᠲᠦᠷᠦᠭᠳᠡᠯ ᠲᠠᠢ᠂ ᠵᠤᠯ ᠵᠢᠷᠭᠠᠯ ᠤᠨ ᠬᠦᠷᠳᠡᠮᠵᠢ ᠲᠠᠢ ᠪᠤᠯᠵᠤ᠂ ᠤᠨᠳᠤᠷᠤᠭᠠᠳ ᠪᠠᠷᠠᠰᠢ ᠦᠬᠡᠢ | ᠰᠤᠷᠬᠤᠢ ᠶᠢᠨ ᠬᠦᠴᠦᠨ ᠴᠢᠳᠠᠯ ᠬᠦᠷᠳᠡᠵᠤ᠂ ᠤᠤᠯᠤᠨ ᠲᠡᠶᠢᠮᠦᠷᠬᠦ ᠠᠯᠪᠠᠳᠠᠯᠭ᠎ᠠ ᠪᠠᠷ ᠰᠤᠷᠴᠤ ᠪᠠᠶᠢᠬᠰᠠᠨ ᠠᠴᠠ ᠪᠠᠨ ᠰᠠᠨᠠᠭᠠᠴᠢᠯᠠᠭ᠎ᠠ ᠠᠴᠠ ᠪᠠᠨ ᠰᠤᠷᠬᠤ ᠪᠤᠯᠳᠠᠬ᠃ | ᠠᠪᠤ ᠡᠵᠢ ᠪᠤᠯᠤᠬᠰᠠᠳ ᠡᠶᠢᠮᠦ ᠨᠢᠬᠡ ᠶᠤᠰᠤ ᠤᠴᠢᠷ ᠢ ᠤᠬᠠᠵᠤ ᠪᠤᠯᠤᠨ᠎ᠠ᠃ ᠲᠡᠷᠤᠢ ᠵᠤᠭᠤᠰ ᠮᠦᠡᠭᠬᠦ ᠬᠡᠳᠦᠢ ᠵᠠᠷᠤᠴᠠᠭᠤᠯᠪᠠᠯ ᠬᠡᠦᠬᠡᠳ ᠲᠤ ᠴᠢᠨᠢ ᠲᠡᠳᠦᠢ ᠰᠠᠶᠢᠨ᠂ | ᠲᠡᠳᠦᠢ ᠠᠰᠢᠬᠳᠠᠢ ᠬᠡᠰᠡᠨ ᠶᠠᠪᠤᠳᠠᠯ ᠪᠤᠰᠤ᠂ ᠬᠠᠷᠢᠨ ᠬᠡᠦᠬᠡᠳ ᠤᠨ ᠠᠮᠠᠷᠠᠯᠳᠠ ᠶᠢᠨ ᠴᠠᠬᠢ ᠤᠳᠬ᠎ᠠ ᠠᠭᠤᠯᠭ᠎ᠠ ᠲᠠᠢ ᠪᠤᠯᠭᠠᠶ᠎ᠠ ᠬᠡᠪᠡᠯ ᠠᠪᠤ ᠡᠵᠢ ᠨᠢ ᠵᠠᠪᠠᠯ ᠬᠡᠦᠬᠡᠳ | ᠢᠶᠠᠨ ᠬᠠᠵᠠᠭᠤᠳᠤ ᠪᠠᠨ ᠪᠠᠶᠢᠯᠭᠠᠵᠤ᠂ ᠵᠤᠭᠤᠬᠳᠠᠵᠤ ᠪᠤᠯᠤᠨ᠎ᠠ᠂ ᠨᠠᠭᠠᠳᠴᠤ ᠪᠤᠯᠤᠨ᠎ᠠ᠂ ᠵᠤᠭᠠᠴᠠᠵᠤ ᠲᠤᠭᠤᠷᠢᠵᠤ ᠪᠤᠯᠤᠨ᠎ᠠ᠂ ᠪᠠᠰᠠ ᠴᠤᠭᠭᠠᠷ ᠰᠡᠳᠦᠪ ᠲᠠᠭᠠᠵᠤ | ᠰᠤᠳᠤᠯᠭᠠᠨ ᠵᠠᠳᠠᠯᠤᠯᠳᠠ ᠬᠢᠵᠤ ᠴᠤ ᠪᠤᠯᠬᠤ ᠶᠤᠮ᠃ ᠢᠡᠭᠬᠢᠬᠦ ᠪᠠᠷ ᠬᠡᠦᠬᠡᠳ ᠠᠪᠤ ᠡᠵᠢ ᠲᠠᠢ ᠪᠠᠨ ᠬᠠᠮᠳᠤ ᠪᠠᠶᠢᠬᠤ ᠶᠢᠨ ᠪᠠᠶᠠᠷ ᠴᠡᠩᠭᠡᠯ ᠢ ᠡᠳ᠋ᠯᠡᠨ ᠦᠷ᠎ᠠ ᠳ᠋ᠦᠡᠭ ᠨᠢ | ᠴᠤ ᠰᠠᠶᠢᠨ ᠪᠦᠬᠡᠳ ᠬᠦᠮᠦᠵᠢᠯ ᠰᠤᠷᠭᠠᠯ ᠬᠡᠳᠡᠭ ᠴᠢᠨᠢ ᠨᠡᠩ ᠴᠤ ᠬᠠᠯᠠᠭᠤᠨ ᠲᠤᠯᠠᠭᠠᠨ ᠪᠦᠬᠡᠳ ᠪᠠᠶᠠᠯᠢᠬ ᠠᠭᠤᠯᠭ᠎ᠠ ᠲᠠᠢ ᠪᠤᠯᠵᠤ ᠢᠷᠡᠳᠡᠭ᠃ ᠬᠠᠮᠤᠭ ᠤᠨ | ᠰᠠᠶᠢᠨ ᠬᠦᠮᠦᠵᠢᠯ ᠬᠡᠬᠦ ᠠᠴᠠ ᠪᠢᠳᠡ ᠬᠠᠷᠢᠨ ᠬᠠᠮᠤᠭ ᠤᠨ ᠵᠤᠬᠢᠰᠳᠠᠢ ᠬᠦᠮᠦᠵᠢᠯ ᠬᠡᠵᠤ ᠵᠤᠷᠢᠪᠠᠯ ᠨᠡᠩ ᠵᠦᠬᠡᠷ ᠪᠠᠶᠢᠬ᠎ᠠ᠃ ᠬᠡᠬᠦ ᠳᠡᠭᠡᠨ ᠡᠬᠦᠨ ᠢ ᠪᠡᠶᠡᠯᠡᠬᠦᠯᠬᠦ | ᠬᠠᠮᠤᠭ ᠤᠨ ᠲᠤᠬᠢᠳᠠᠢ ᠪᠦᠬᠡᠳ ᠲᠦᠳᠡ ᠵᠠᠮ ᠪᠤᠯ ᠬᠡᠦᠬᠡᠳ ᠲᠡᠭᠡᠨ ᠬᠠᠨᠢᠰᠴᠤ᠂ ᠰᠤᠷᠬᠤ ᠶᠢᠨ ᠬᠦᠳᠡᠯᠬᠡᠬᠦ ᠬᠦᠴᠦᠨ ᠪᠠ ᠠᠷᠭ᠎ᠠ ᠲᠡᠮ ᠤᠯᠵᠤ ᠦᠭᠬᠦᠬᠡᠳ | ᠡᠬᠦᠨ ᠢᠶᠠᠨ ᠵᠤᠷᠢᠬᠰᠠᠨ ᠪᠠᠶᠠᠷᠳᠤ ᠠᠶᠠᠯᠠᠯ ᠳᠠᠭᠠᠨ ᠮᠤᠷᠳᠠᠬᠤ ᠪᠤᠯᠤᠨ᠎ᠠ᠃ | |