ᠶᠡᠷᠦ ᠨᠢ ᠭᠡᠷ ᠭᠡᠵᠦ ᠬᠡᠯᠡᠬᠦ ᠲᠠᠢ ᠵᠡᠷᠭᠡ ᠬᠦᠮᠦᠰ ᠤᠨ ᠤᠶᠤᠨ ᠴᠡᠭᠡᠵᠢᠨ ᠳᠤ ᠤᠴᠢᠯᠠᠨ ᠪᠠᠭᠤᠳᠠᠭ ᠨᠢ ᠲᠡᠭᠦᠨ ᠤ ᠲᠦᠭᠡᠮᠡᠯ ᠳᠦᠷᠬᠦ ᠪᠤᠯᠤᠨ᠎ᠠ᠃ ᠭᠡᠷ ᠤᠨ | ᠬᠠᠯᠠᠭᠤᠨ ᠳᠤᠯᠠᠭᠠᠨ ᠢ ᠬᠠᠮᠢᠭ᠎ᠠ ᠬᠡᠵᠢᠶ᠎ᠡ ᠴᠤ᠂ ᠡᠨᠡ ᠳᠡᠯᠡᠬᠡᠢ ᠶᠢᠨ ᠶᠠᠮᠠᠷᠴᠤ ᠪᠤᠯᠤᠩ ᠠᠴᠠ ᠡᠷᠢᠵᠦ ᠤᠯᠬᠤ ᠦᠭᠡᠢ ᠶᠤᠮ᠃ ᠭᠡᠷ ᠠᠴᠠ ᠪᠠᠨ ᠮᠠᠨᠤᠰ ᠠᠮᠢ | ᠨᠠᠰᠤᠨ ᠠᠴᠠ ᠡᠬᠢᠯᠡᠭᠡᠳ ᠳᠠᠪᠳᠠᠭᠳᠠᠰᠢ ᠦᠭᠡᠢ ᠬᠠᠶᠢᠷ᠎ᠠ᠂ ᠨᠠᠰᠤᠨ ᠳᠤᠷᠰᠢᠳᠠ ᠬᠡᠷᠡᠭᠯᠡᠭᠡᠳ ᠪᠠᠷᠠᠰᠢ ᠦᠭᠡᠢ ᠪᠠᠶᠠᠨ ᠦᠮᠴᠢ ᠶᠢ ᠬᠤᠪᠢᠶᠠᠵᠤ ᠤᠯᠤᠭᠰᠠᠨ ᠡ︕ | ᠤᠤᠯ ᠨᠢ ᠪᠢ ᠪᠤᠷᠭᠠᠰᠤᠨ ᠮᠤᠷᠢ ᠬᠦᠯᠦᠭᠯᠡᠭᠡᠳ ᠪᠤᠳᠠᠨ ᠤ ᠲᠠᠤᠯᠠᠢ ᠰᠢᠭ᠋ ᠳᠡᠭᠳᠡᠭᠦᠯᠵᠦ ᠶᠠᠪᠤᠬᠤ ᠳᠠᠭᠠᠨ᠂ ᠬᠤᠯᠠᠩ ᠤᠨ ᠤᠲᠤᠭ᠎ᠠ ᠨᠢ ᠰᠢᠩᠭᠡᠷᠡᠭᠦ ᠪᠠᠷ ᠡᠵᠢ ᠶᠢᠨ | ᠬᠤᠭᠤᠯᠠ ᠪᠤᠯᠤᠭᠰᠠᠨ ᠢ ᠤᠬᠠᠵᠤ᠂ ᠤᠯᠠᠭᠠᠨ ᠨᠤᠶᠠᠨ ᠤᠷᠢᠯᠠᠵᠤ ᠪᠠᠶᠢᠬᠤ ᠪᠠᠨ ᠭᠡᠨᠡᠳᠲᠡ ᠮᠡᠳᠡᠷᠡᠭᠡᠳ ᠭᠡᠷ ᠵᠦᠭ ᠪᠠᠨ ᠬᠠᠷᠠᠶᠢᠯᠭᠠᠳᠠᠭ ᠠᠵᠢ᠃ ᠪᠠᠭ᠎ᠠ ᠳᠠᠭᠠᠨ ᠭᠡᠷ | ᠪᠤᠯ ᠳᠠᠷᠤᠢ ᠡᠵᠢ ᠮᠢᠨᠢ ᠭᠡᠵᠦ ᠪᠤᠳᠤᠳᠠᠭ᠂ ᠤᠴᠢᠷ ᠨᠢ ᠮᠠᠨᠤᠰ ᠪᠦᠷ ᠯᠡ ᠡᠵᠢ ᠶᠢᠨ ᠢᠶᠠᠨ ᠬᠤᠷᠮᠤᠢ ᠶᠢ ᠲᠤᠭᠤᠷᠢᠭᠠᠳ ᠯᠡ ᠲᠤᠮᠤ ᠪᠤᠯᠤᠭᠰᠠᠨ ᠶᠤᠮ᠃ | | ᠶᠡᠷᠦ ᠨᠢ ᠬᠦᠮᠦᠨ ᠤ ᠵᠠᠩ ᠠᠷᠠᠨᠰᠢᠨ ᠪᠤᠯ ᠭᠤᠷᠪᠠᠨ ᠨᠠᠰᠤᠨ ᠠᠴᠠ ᠡᠮᠦᠨᠡᠭᠦᠷ ᠪᠦᠷᠢᠯᠳᠦᠴᠢᠬᠡᠳᠡᠭ᠃ ᠳᠦᠷᠪᠡ ᠠᠴᠠ ᠳᠤᠯᠤᠭᠠᠨ ᠨᠠᠰᠤ ᠪᠤᠯ ᠨᠠᠶᠢᠳᠠᠪᠤᠷᠢᠲᠠᠢ | ᠪᠤᠯᠭᠠᠬᠤ ᠬᠤᠭᠤᠴᠠᠭ᠎ᠠ ᠪᠤᠯᠤᠨ᠎ᠠ︕ ᠡᠶᠢᠮᠦ ᠠᠴᠠ ᠰᠡᠭᠦᠯ ᠮᠡᠳᠦ ᠨᠠᠭᠠᠯᠳᠤᠭᠤᠯᠵᠤ᠂ ᠰᠡᠭᠦᠳᠡᠷ ᠮᠡᠳᠦ ᠳᠠᠭᠠᠭᠤᠯᠤᠨ ᠴᠢᠩᠭ᠎ᠠ ᠰᠤᠷᠭᠠᠬᠤ ᠨᠢ ᠬᠠᠮᠤᠭ ᠴᠢᠬᠤᠯᠠ᠃ | ᠠᠴᠢᠯᠠᠯ ᠡᠯᠪᠡᠷᠢᠯ᠂ ᠠᠭᠤᠳᠠᠮ ᠪᠠᠭᠲᠠᠭᠠᠮᠵᠢ᠂ ᠶᠠᠭᠤ ᠪᠤᠯᠬᠤ ᠶᠠᠭᠤ ᠡᠰᠡ ᠪᠤᠯᠬᠤ ᠪᠦᠬᠦᠢ ᠵᠦᠩᠨᠡᠯ ᠪᠦᠭᠦᠨ ᠭᠡᠷ ᠠᠴᠠ ᠡᠬᠢᠯᠡᠳᠡᠭ᠃ ᠳᠦᠷᠰᠤᠳᠤ ᠰᠤᠷᠭᠠᠨ | ᠬᠦᠮᠦᠵᠢᠯ ᠭᠡᠵᠦ ᠬᠡᠯᠡᠭᠰᠡᠨ ᠴᠤ ᠪᠤᠯᠤᠨ᠎ᠠ᠃ ᠤᠴᠢᠷ ᠨᠢ ᠭᠡᠷ ᠤᠨ ᠰᠤᠷᠭᠠᠯ ᠳᠤᠳᠠᠭᠳᠠᠪᠠᠯ ᠲᠦᠷᠦ ᠶᠢᠨ ᠲᠤᠯᠭᠠᠭᠤᠷᠢ ᠬᠠᠶᠢᠪᠠᠯᠵᠠᠳᠠᠭ ᠢ ᠲᠡᠳᠡᠨᠤᠰ ᠤᠷᠢᠳᠠ ᠠᠴᠠ | ᠤᠬᠠᠳᠠᠭ ᠲᠤᠯᠠ ᠦ ᠰᠡᠪ ᠴᠤ ᠭᠠᠷᠭᠠᠬᠤ ᠦᠭᠡᠢ ᠶᠢᠨ ᠲᠦᠯᠦᠭᠡ ᠦᠴᠦᠬᠡᠨ ᠴᠤ ᠬᠠᠯᠠᠰᠢᠷᠠᠯ ᠦᠭᠡᠢ᠂ ᠬᠢᠴᠢᠶᠡᠩᠭᠦ᠋ᠢᠯᠡᠨ ᠭᠦᠢᠴᠡᠳᠬᠡᠳᠡᠭ ᠪᠢᠯᠡ᠃ ᠭᠡᠷ ᠪᠤᠯ | ᠡᠪ ᠨᠢᠭᠡᠳᠦᠯ ᠶᠤᠮ᠃ ᠠᠳᠡ ᠬᠠᠶᠢᠷ᠎ᠠ ᠪᠠᠶᠢᠳᠠᠭ ᠬᠠᠷᠢᠨ ᠬᠤᠷᠤᠰᠤᠯ ᠪᠠᠶᠢᠳᠠᠭ ᠦᠭᠡᠢ᠃ ᠭᠤᠮᠤᠳᠠᠯ ᠪᠠᠶᠢᠵᠦ ᠪᠤᠯᠤᠨ᠎ᠠ᠂ ᠭᠠᠨᠢᠷᠬᠠᠯ ᠪᠠᠶᠢᠵᠤ ᠪᠤᠯᠬᠤ ᠦᠭᠡᠢ᠂ | ᠠᠳᠡ ᠵᠦᠪᠬᠡᠨ ᠬᠦᠮᠦᠨ ᠤ ᠰᠢᠩᠭᠡᠷᠡᠭᠦᠯᠵᠦ᠂ ᠰᠠᠨᠠᠭᠰᠠᠨ ᠬᠦᠮᠦᠨ ᠤᠭᠢᠯᠠᠵᠤ᠂ ᠵᠠᠨᠤᠭᠰᠠᠨ ᠬᠦᠮᠦᠨ ᠢᠨᠢᠶᠡᠳᠡᠭ ᠢ ᠮᠡᠳᠡᠷᠡᠭᠦᠯᠳᠡᠭ᠃ ᠠᠶᠠᠭ᠎ᠠ ᠰᠠᠪᠬ᠎ᠠ ᠲᠠᠢ | ᠠᠭᠤᠯᠵᠠᠬᠤ ᠠᠴᠠ ᠡᠬᠢᠯᠡᠭᠡᠳ ᠠᠮᠢᠳᠤᠷᠠᠯ ᠤᠨ ᠤᠬᠠᠭᠠᠨ ᠤᠷᠭᠤᠭᠤᠯᠦᠨ᠂ ᠴᠢᠮ᠎ᠠ ᠶᠢ ᠪᠤᠰᠬᠠᠵᠤ᠂ ᠴᠢᠮ᠎ᠠ ᠶᠢ ᠤᠷᠮᠠᠰᠢᠭᠤᠯᠵᠤ᠂ ᠴᠢᠮ᠎ᠠ ᠶᠢ ᠬᠦᠨᠳᠦ ᠪᠤᠯᠭᠠᠳᠠᠭ᠃ | ᠤᠴᠢᠷ ᠨᠢ ᠴᠢ ᠬᠦᠨᠳᠦ ᠪᠤᠯᠤᠮᠠᠭᠴᠠ ᠰᠠᠶ᠋ᠢ ᠭᠡᠷ ᠴᠢᠨᠢ ᠬᠦᠨᠳᠦ ᠪᠤᠯᠳᠠᠭ᠃ | ︽ᠳᠡᠭᠡᠭᠰᠢ ᠨᠢᠭᠡ ᠦᠶ᠎ᠡ ᠠᠴᠢᠯᠠᠵᠤ᠂ ᠳᠤᠭᠤᠭᠰᠢ ᠨᠢᠭᠡ ᠦᠶ᠎ᠡ ᠰᠤᠷᠭᠠᠪᠠᠰᠤ ᠬᠦᠮᠦᠨ ᠤ ᠵᠦᠢ︾ ᠭᠡᠵᠦ ᠠᠷᠢᠭᠤᠨ ᠨᠤᠮ ᠳᠤ ᠠᠮᠢᠯᠠᠭᠤᠯᠤᠨ ᠦᠭᠦᠯᠡᠭᠰᠡᠨ | ᠪᠠᠶᠢᠳᠠᠭ᠃ ᠨᠢᠭᠡ ᠬᠦᠮᠦᠨ ᠭᠤᠷᠪᠠᠨ ᠦᠶ᠎ᠡ ᠶᠢᠨ ᠬᠦᠷᠦᠩᠭᠡ ᠶᠢ ᠴᠤᠭᠯᠠᠭᠤᠯᠪᠠᠰᠤ ᠶᠠᠯ᠎ᠠ ᠪᠤᠯᠤᠮᠤᠢ ᠭᠡᠵᠦ ᠪᠠᠰᠠ ᠨᠢᠭᠡᠨ ᠠᠯᠲᠠᠨ ᠰᠤᠷᠭᠠᠯ ᠳᠤ | ᠲᠤᠩᠭᠠᠯᠠᠭᠰᠢᠭᠤᠯᠤᠨ ᠨᠤᠮᠯᠠᠵᠤᠬᠤᠢ᠃ ᠡᠭᠦᠨ ᠢ ᠶᠠᠷᠢᠬᠤ ᠦᠭᠡᠢ ᠳᠤ ᠡᠷᠬᠡ ᠪᠠᠷ ᠰᠠᠨᠠᠬᠤ ᠪᠠᠷ᠂ ᠪᠡᠷᠬᠡ ᠪᠠᠷ ᠰᠠᠨᠠ᠂ ᠡᠳ᠋ ᠢᠶᠠᠷ ᠰᠠᠨᠠᠬᠤ ᠪᠠᠷ ᠤᠬᠠᠭᠠᠨ ᠢᠶᠠᠷ ᠰᠠᠨᠠ | ᠭᠡᠬᠦᠴᠢᠯᠡᠭᠰᠡᠨ᠂ ᠮᠠᠨ ᠤ ᠮᠤᠩᠭᠤᠯ ᠤᠨ ᠳᠡᠭᠡᠳᠦᠰ ᠤᠨ ᠭᠡᠭᠡᠨ ᠰᠤᠷᠭᠠᠯ ᠤᠯᠠᠨ ᠮᠢᠩᠭ᠎ᠠ ᠪᠤᠢ᠃ ᠭᠡᠲᠡᠯ᠎ᠡ ᠮᠠᠨᠤᠰ ᠤᠨ ᠦᠷ᠎ᠡ ᠠᠴᠢᠨᠠᠷ ᠤᠨ ᠳᠤᠲᠤᠷ᠎ᠠ ᠶᠠᠭᠠᠬᠢᠭᠠᠳ | ᠲᠡᠶᠢᠮᠦ ᠤᠯᠠᠨ ᠬᠤᠪᠢᠨᠴᠢᠷ᠂ ᠭᠡᠷ ᠢᠶᠠᠨ ᠪᠤᠳᠤᠬᠤ ᠦᠭᠡᠢ᠂ ᠡᠴᠢᠭᠡ ᠡᠬᠡ ᠪᠠᠨ ᠰᠠᠨᠠᠬᠤ ᠦᠭᠡᠢ᠂ ᠬᠠᠶᠢᠷᠠᠯᠠᠵᠤ ᠬᠦᠨᠳᠦᠳᠬᠡᠬᠦ ᠦᠭᠡᠢ ᠬᠡᠦᠬᠡᠳ ᠤᠯᠠᠰᠢᠷᠠᠭᠰᠠᠨ | ᠪᠤᠢ︖ ᠡᠴᠢᠭᠡ ᠡᠬᠡ ᠪᠠᠨ ᠬᠠᠶᠢᠷᠠᠯᠠᠵᠤ ᠬᠦᠨᠳᠦᠳᠬᠡᠬᠦ ᠦᠭᠡᠢ ᠲᠡᠳᠡᠨᠤᠰ ᠶᠢᠷᠳᠢᠨᠴᠤ ᠶᠢᠨ ᠬᠦᠮᠦᠰ ᠢ ᠬᠠᠶᠢᠷᠠᠯᠠᠵᠤ ᠡᠨᠡᠷᠢᠳᠡᠭ ᠭᠡᠵᠦ ᠤᠤ︖ ᠮᠠᠨᠤᠰ ᠤᠨ ᠡᠳᠦᠷ | ᠦᠨᠵᠢᠯ ᠦᠭᠡᠢ ᠪᠠᠶᠠᠷᠬᠠᠵᠤ ᠪᠠᠷᠬᠢᠷᠠᠳᠠᠭ ᠤᠨ ᠬᠢᠨᠢ ᠠᠴᠢ ᠬᠠᠷᠢᠭᠤ ᠨᠢ ᠲᠡᠷᠡ ᠭᠡᠵᠦ ᠤᠤ︖ ᠰᠢᠯᠤᠭᠤᠬᠠᠨ ᠬᠡᠯᠡᠪᠡᠯ ᠨᠢᠭᠡ ᠦᠶ᠎ᠡ᠂ ᠡᠰᠡᠬᠦᠯ᠎ᠡ ᠬᠤᠶᠠᠷ | ᠦᠶ᠎ᠡ ᠶᠢᠨ ᠬᠦᠮᠦᠰ ᠬᠠᠶᠢᠷ᠎ᠠ ᠶᠢ ᠠᠳᠡᠭᠦᠤ ᠤᠬᠠᠵᠤ᠂ ᠬᠠᠷᠢᠭᠤᠴᠠᠯᠭ᠎ᠠ ᠪᠤᠷᠤᠭᠤ ᠵᠦᠭ ᠲᠤ ᠬᠦᠲᠦᠯᠦᠭᠰᠡᠨ ᠢᠶᠠᠷ ᠰᠤᠷᠭᠠᠯ ᠰᠤᠯᠢᠶᠠᠷᠠᠵᠤ ᠰᠤᠷᠲᠠᠯ ᠰᠠᠮᠠᠭᠤᠷᠠᠵᠠᠢ᠃ | ᠭᠠᠭᠴᠠ ᠬᠤᠶᠠᠷ ᠬᠡᠦᠬᠡᠳ ᠲᠠᠢ ᠭᠡᠳ ᠬᠠᠶᠢᠷ᠎ᠠ ᠪᠠᠨ ᠭᠠᠮ ᠰᠠᠮ ᠦᠭᠡᠢ ᠴᠢᠳᠬᠤᠭᠰᠠᠨ ᠠᠴᠠ ᠪᠤᠯᠵᠤ᠂ ᠬᠠᠮᠤᠭ ᠤᠨ ᠶᠡᠭᠡ ᠠᠶᠤᠳᠠᠭ ᠵᠤᠪᠠᠯᠠᠩ ᠤᠨ ᠢᠶᠠᠨ | ᠨᠢᠭᠡᠨ ᠳᠤ ᠤᠷᠤᠭᠰᠠᠨ᠃ ᠠᠮᠢᠳᠤᠷᠠᠯ ᠪᠤᠯ ᠭᠠᠭᠴᠠ ᠬᠠᠶᠢᠷ᠎ᠠ ᠳᠡᠭᠡᠷ᠎ᠡ ᠲᠤᠭᠳᠠᠳᠠᠭ ᠪᠢᠰᠢ᠂ ᠬᠠᠷᠢᠨ ᠬᠠᠶᠢᠷ᠎ᠠ᠂ ᠬᠠᠷᠢᠭᠤᠴᠠᠯᠭ᠎ᠠ ᠭᠡᠰᠡᠨ ᠬᠤᠶᠠᠷ ᠬᠦᠯ ᠳᠡᠭᠡᠷ᠎ᠡ | ᠲᠤᠭᠳᠠᠳᠠᠭ ᠢ ᠵᠠᠪᠠᠯ ᠮᠡᠳᠡᠷᠡᠬᠦ ᠴᠢᠬᠤᠯᠠᠲᠠᠢ᠃ ︽ᠵᠤᠯ ᠵᠢᠷᠭᠠᠯ ᠢ ᠮᠡᠳᠡᠷᠡᠬᠦ ᠳᠤ ᠪᠠᠶᠢᠳᠠᠭ᠂ ᠵᠤᠪᠠᠨᠢᠯ ᠪᠤᠬᠢᠨᠢᠳᠤᠯ ᠢ ᠦᠪᠡᠷᠲᠡᠭᠡᠨ ᠰᠤᠩᠭᠤᠳᠠᠭ︾ ᠭᠡᠵᠦ ᠡᠭᠦᠨ ᠢ | ᠶᠠᠷᠢᠳᠠᠭ ᠪᠢᠵᠠ᠃ ᠨᠢᠭᠡ ᠠᠴᠠ ᠬᠤᠶᠠᠷ ᠡᠭᠦᠰᠴᠤ᠂ ᠬᠤᠶᠠᠷ ᠠᠴᠠ ᠬᠤᠷᠸ᠎ᠠ ᠲᠡᠯᠡᠳᠡᠭ᠃ ᠠᠭᠤᠳᠠᠮ ᠲᠠᠯ᠎ᠠ ᠶᠢᠨ ᠨᠤᠭᠤᠭᠠᠨ ᠴᠢᠮᠡᠭ ᠲᠤ ᠡᠪᠡᠰᠦ ᠪᠦᠬᠦᠨ ᠤ | ᠬᠤᠪᠢ ᠲᠠᠢ᠂ ᠦᠷᠭᠡᠨ ᠮᠦᠷᠡᠨ ᠤ ᠶᠡᠭᠡ ᠤᠰᠤᠨ ᠢ ᠴᠤ ᠲᠤᠰᠤᠯ ᠲᠤᠰᠤᠯ ᠤᠳ ᠪᠦᠲᠦᠭᠡᠭᠰᠡᠨ᠃ ᠭᠡᠷ ᠭᠡᠷ ᠨᠡᠶᠢᠯᠡᠯᠳᠦᠭᠰᠡᠭᠡᠷ ᠪᠠᠶᠢᠭᠠᠳ ᠨᠢᠭᠡ ᠤᠯᠤᠰ ᠢ | ᠪᠤᠰᠬᠠᠭᠰᠠᠨ ᠨᠢ ᠭᠠᠶᠢᠬᠠᠮᠠᠷ ᠶᠠᠪᠤᠳᠠᠯ ᠪᠤᠰᠤ᠂ ᠭᠠᠶᠢᠬᠠᠳᠠᠭ ᠨᠢ ᠬᠠᠷᠢᠨ ᠶᠠᠭᠠᠬᠢᠭᠠᠳ ᠭᠡᠵᠦ ᠪᠤᠴᠠᠭᠠᠨ ᠠᠰᠠᠭᠤᠬᠤ ᠳᠤ ᠪᠤᠢ᠃ | ᠭᠡᠷ ᠪᠤᠯ ᠮᠦᠷᠦᠭᠡᠳᠦᠯ ᠪᠡᠶᠡᠯᠡᠭᠳᠡᠳᠡᠭ ᠭᠠᠵᠠᠷ ᠶᠤᠮ᠃ ᠨᠤᠳᠤᠭ ᠤᠨ ᠮᠦᠷᠦᠭᠡᠳᠦᠯ᠂ ᠦᠨᠳᠦᠰᠦᠲᠡᠨ ᠤ ᠮᠦᠷᠦᠭᠡᠳᠦᠯ᠂ ᠤᠯᠤᠰ ᠤᠨ ᠮᠦᠷᠦᠭᠡᠳᠦᠯ ᠪᠦᠷ ᠯᠡ | ᠠᠳᠡ ᠠᠴᠠ ᠡᠬᠢᠯᠡᠵᠦ ᠪᠡᠶᠡᠯᠡᠭᠳᠡᠳᠡᠭ᠃ ᠮᠠᠨ ᠤ ᠮᠤᠩᠭᠤᠯᠴᠤᠳ ᠶᠡᠷᠦ ᠨᠢ ᠲᠦᠷᠦ ᠶᠢᠨ ᠵᠠᠰᠠᠭ ᠠᠴᠠ ᠭᠡᠷ ᠤᠨ ᠵᠠᠰᠠᠭ ᠭᠡᠵᠦ ᠶᠠᠷᠢᠭᠠᠳ ᠪᠠᠶᠢᠳᠠᠭ ᠰᠢᠦ ᠳ᠋ᠠ᠃ | ᠨᠢᠭᠡ ᠮᠤᠳᠤ ᠦᠨᠳᠦᠰᠦ ᠦᠭᠡᠢ ᠦᠯᠦ ᠪᠤᠯᠤᠮᠤᠢ᠂ ᠨᠢᠭᠡ ᠤᠯᠤᠰ ᠢᠷᠭᠡᠨ ᠦᠭᠡᠢ ᠴᠤ ᠦᠯᠦ ᠪᠦᠲᠦᠮᠦᠢ᠃ ᠢᠩᠭᠢᠬᠦᠯ᠎ᠡ ᠤᠯᠤᠰ ᠬᠦᠷᠦᠨ ᠤ ᠵᠢᠭᠠᠬᠠᠨ ᠢᠷᠭᠡᠨ ᠢ | ᠬᠦᠮᠦᠨ ᠪᠤᠯᠭᠠᠬᠤ᠂ ᠬᠦᠰᠡᠯ ᠳᠤ ᠲᠡᠮᠡᠦᠯᠦᠭᠦᠯᠬᠦ ᠲᠤᠮᠤ ᠡᠭᠦᠷᠭᠡ ᠶᠢ ᠭᠡᠷ ᠲᠠᠨᠢᠭᠤᠯᠳᠠᠭ ᠤᠴᠢᠷ ᠲᠠᠢ᠃ ᠵᠠᠷᠢᠮ ᠶᠠᠭᠤᠮ᠎ᠠ ᠵᠠᠶᠢᠯᠠᠵᠤ ᠪᠤᠯᠤᠨ᠎ᠠ᠂ ᠭᠡᠲᠡᠯ᠎ᠡ ᠵᠠᠷᠢᠮ | ᠶᠠᠭᠤᠮ᠎ᠠ ᠵᠠᠶᠢᠯᠠᠵᠤ ᠪᠤᠯᠳᠠᠭ ᠦᠭᠡᠢ᠃ ᠡᠵᠡᠨ ᠲᠠᠢ ᠲᠦᠷᠦ ᠡᠩᠬᠡ ᠠᠮᠤᠭᠤᠯᠠᠩ ᠵᠢᠷᠭᠠᠶ᠎ᠠ ᠭᠡᠪᠡᠯ ᠡᠷᠬᠡᠪᠰᠢ ᠵᠢᠭᠠᠬᠤ ᠴᠢᠬᠤᠯᠠᠲᠠᠢ ᠶᠢ ᠵᠢᠭᠠᠭᠠᠳ ᠪᠠᠰᠠ ᠵᠠᠪᠠᠯ | ᠮᠡᠳᠡᠭᠦᠯᠬᠦ ᠴᠢᠬᠤᠯᠠᠲᠠᠢ᠃ ᠭᠡᠷ ᠠᠴᠠ ᠪᠠᠨ ᠵᠠᠶᠢᠳᠠᠵᠤ᠂ ᠭᠡᠷ ᠢᠶᠠᠨ ᠰᠠᠨᠠᠬᠤ ᠦᠭᠡᠢ ᠲᠡᠨᠡᠭᠰᠢᠷᠡᠨ ᠶᠠᠪᠤᠭᠰᠠᠭᠠᠷ ᠪᠠᠶᠢᠭᠠᠳ ᠵᠤᠭᠤᠰ ᠮᠦᠡᠭᠬᠦᠨ ᠤ ᠰᠢᠨᠤᠯ ᠢᠶᠠᠷ | ᠬᠦᠮᠦᠨ ᠤ ᠦᠨᠦᠷ ᠢᠶᠠᠨ ᠠᠯᠳᠠᠬᠤ ᠬᠡᠴᠡᠭᠦᠤ︕ ᠲᠡᠭᠦᠨ ᠢ ᠪᠤᠳᠤᠵᠤ᠂ ᠪᠤᠴᠠᠵᠤ ᠬᠠᠷᠠᠬᠤ ᠴᠢᠨᠢ ᠪᠠᠰᠠ ᠤᠯᠳᠠᠰᠢ ᠦᠭᠡᠢ ᠭᠠᠶᠢᠬᠠᠯᠲᠠᠢ ᠰᠠᠨᠠᠭ᠎ᠠ᠃ ᠡᠷᠢᠯ ᠳᠤ | ᠭᠠᠷᠬᠤ ᠶᠢ ᠪᠤᠳᠤ᠂ ᠡᠯᠢᠭᠡ ᠬᠠᠮᠢᠭ᠎ᠠ ᠪᠠᠶᠢᠨ᠎ᠠ᠂ ᠵᠢᠷᠦᠬᠡ ᠬᠠᠮᠢᠭ᠎ᠠ ᠪᠠᠶᠢᠨ᠎ᠠ ᠭᠡᠵᠦ ᠡᠷᠭᠢᠨ ᠡᠷᠭᠢᠨ ᠰᠠᠨᠠ︕ ᠭᠡᠷ ᠤᠨ ᠡᠵᠡᠨ ᠠᠴᠠ ᠲᠦᠷᠦ ᠶᠢᠨ ᠡᠵᠡᠨ | ᠮᠡᠨᠳᠦᠯᠡᠳᠡᠭ ᠶᠤᠮ ᠰᠢᠦ ᠳ᠋ᠠ︕ | | | |