ᠭᠡᠣᠭᠡᠳ ᠪᠣᠯ ᠨᠢᠭᠡ ᠤᠯᠤᠰ ᠦᠨᠳᠦᠰᠦᠳᠡᠨ ᠤ ᠢᠷᠡᠭᠡᠳᠦᠢ᠃ ᠪᠢᠳᠡᠨ ᠤ ᠬᠦᠰᠡᠨ ᠰᠠᠨᠠᠳᠠᠭ ᠰᠠᠶᠢᠨ ᠰᠠᠶᠢᠬᠠᠨ ᠢᠷᠡᠭᠡᠳᠦᠢ ᠪᠣᠯ ᠭᠡᠣᠭᠡᠳ ᠤᠨ ᠬᠢ ᠶᠣᠮ᠃ | ᠮᠢᠨᠤ ᠰᠠᠶᠢᠨ ᠰᠠᠶᠢᠬᠠᠨ ᠶᠠᠪᠣᠯᠴᠠᠳᠠᠭ ᠪᠣᠯᠠᠬ ᠠᠬ᠎ᠠ ᠶᠢᠨ ᠬᠦᠪᠡᠬᠦᠨ ᠮᠠᠰᠢ ᠦᠨᠳᠦᠷ ᠬᠤᠪᠢ ᠪᠠᠷ ᠣᠯᠣᠰ ᠤᠨ ᠭᠤᠣᠯᠳᠠᠯᠭ᠎ᠠ ᠲᠠᠢ ᠶᠡᠭᠡ ᠰᠣᠷᠭᠠᠭᠤᠯᠢ ᠳᠤ | ᠰᠢᠯᠭᠠᠬᠳᠠᠨ ᠣᠷᠣᠭᠰᠠᠨ ᠪᠢᠯᠨ᠃ ᠣᠷᠴᠢᠮ ᠪᠣᠯᠠᠭ ᠠᠬ᠎ᠠ ᠠᠵᠢᠯ ᠤᠨ ᠬᠠᠷᠠᠭ᠎ᠠ ᠠᠴᠠ ᠪᠣᠯᠵᠣ ᠪᠡᠭᠡᠵᠢᠩ ᠬᠤᠳᠠ ᠳᠤ ᠬᠦᠷᠬᠦ ᠳᠡᠭᠡᠨ ᠠᠵᠢᠯ ᠤᠨ ᠵᠠᠪᠰᠠᠷ ᠢᠶᠠᠷ | ᠬᠦᠪᠡᠬᠦᠨ ᠤ ᠪᠠᠨ ᠪᠠᠶᠢᠷᠢᠨ ᠭᠡᠷ ᠲᠤ ᠣᠴᠢᠵᠡᠢ᠃ ᠶᠡᠭᠡ ᠰᠣᠷᠭᠠᠭᠤᠯᠢ ᠳᠤ ᠣᠷᠣᠭᠠᠳ ᠵᠢᠯ ᠰᠢᠬᠠᠭᠤ ᠪᠣᠯᠣᠭᠰᠠᠨ ᠨᠢᠭᠡ ᠪᠠᠶᠢᠷᠢ ᠶᠢᠨ ᠵᠢᠷᠭᠤᠭᠠᠨ ᠣᠶᠣᠳᠠᠨ | ᠬᠠᠷᠢᠯᠴᠠᠨ ᠨᠢᠭᠡ ᠨᠢᠭᠡᠨ ᠢᠶᠠᠨ ᠲᠠᠨᠢᠳᠠᠭ ᠦᠭᠡᠢ ᠪᠠᠶᠢᠬᠤ ᠶᠢ ᠮᠡᠳᠡᠭᠡᠳ ᠪᠣᠯᠠᠬ ᠠᠬ᠎ᠠ ᠮᠠᠰᠢ ᠠᠯᠮᠠᠶᠢᠷᠠᠨ ︽ᠬᠤᠵᠢᠮ ᠡᠳᠡᠭᠡᠷ ᠣᠶᠣᠳᠠᠳ ᠨᠡᠶᠢᠭᠡᠮ ᠲᠡᠭᠡᠷ᠎ᠡ ᠭᠠᠷᠪᠠᠯ | ᠶᠠᠭᠠᠬᠢᠵᠤ ᠬᠦᠮᠦᠨ ᠲᠠᠢ ᠬᠠᠷᠢᠯᠴᠠᠵᠣ᠂ ᠪᠣᠰᠣᠳ ᠲᠠᠢ ᠬᠦᠴᠦ ᠬᠠᠮᠳᠣᠷᠠᠨ ᠠᠵᠢᠯᠯᠠᠵᠤ ᠴᠢᠳᠠᠬᠤ ᠪᠢᠯᠨ︕︾ ᠭᠡᠵᠤ ᠶᠡᠭᠡ ᠰᠠᠨᠠᠭᠠᠰᠢᠷᠠᠬᠰᠠᠨ ᠪᠠᠶᠢᠵᠡᠢ᠃ | ᠡᠶᠢᠮᠣᠷᠬᠦᠤ ᠶᠠᠪᠣᠳᠠᠯ ᠪᠣᠯ ᠲᠡᠮᠡᠢ ᠶᠡᠭᠡ ᠣᠨᠴᠠᠭᠠᠢ ᠶᠠᠪᠣᠳᠠᠯ ᠪᠢᠰᠢ᠂ ᠨᠡᠶᠢᠭᠡᠮ ᠲᠡᠭᠡᠷ᠎ᠡ ᠢᠯᠡᠷᠡᠵᠣ ᠪᠠᠶᠢᠭ᠎ᠠ ᠦᠵᠡᠭᠳᠡᠯ ᠪᠣᠯᠦᠨ᠎ᠡ᠃ ᠡᠨᠡ ᠨᠢ ᠣᠯᠠᠩᠬᠢ ᠭᠡᠷ ᠤᠨ | ᠠᠬᠠᠮᠠᠳ ᠭᠡᠣᠭᠡᠳ ᠤᠨ ᠢᠶᠠᠨ ᠰᠣᠷᠣᠯᠭ᠎ᠠ ᠶᠢᠨ ᠬᠢᠷᠢ ᠪᠦᠳᠦᠮᠵᠢ ᠶᠢ ᠴᠢᠬᠤᠯᠠᠴᠢᠯᠠᠬᠤ ᠠᠴᠠ ᠪᠢᠰᠢ ᠲᠡᠳᠡᠨ ᠤ ᠶᠣᠰᠣ ᠮᠣᠷᠠᠯ᠂ ᠪᠡᠶ᠎ᠡ ᠶᠢᠨ ᠲᠠᠮᠢᠷ᠂ ᠣᠷᠮ᠎ᠠ ᠪᠠᠬ᠎ᠠ᠂ | ᠠᠪᠢᠶᠠᠰ ᠴᠢᠳᠠᠪᠣᠷᠢ᠂ ᠦᠨᠳᠦᠰᠦᠳᠡᠨ ᠤ ᠣᠯᠠᠮᠵᠢᠯᠠᠯᠳᠣ ᠵᠠᠩ ᠵᠠᠩᠰᠢᠯ ᠤᠨ ᠲᠣᠬᠠᠢ ᠦᠢᠯᠠᠭᠠᠭᠳᠠᠬᠤᠨ ᠵᠡᠷᠭᠡ ᠲᠠᠯ᠎ᠠ ᠶᠢᠨ ᠪᠣᠯᠪᠠᠰᠣᠷᠠᠯ ᠴᠢᠳᠡᠪᠣᠷᠢ ᠶᠢ | ᠲᠡᠭᠡᠭᠰᠢᠯᠡᠬᠦᠯᠬᠦ ᠶᠢ ᠲᠡᠮᠡᠢ ᠴᠢᠬᠤᠯᠠᠴᠢᠯᠠᠬᠰᠠᠨ ᠦᠭᠡᠢ ᠠᠴᠠ ᠪᠣᠯᠣᠬᠰᠠᠨ ᠭᠡᠵᠣ ᠦᠵᠡᠪᠡᠯ ᠠᠷᠠᠢ ᠪᠣᠷᠣᠭᠤᠳᠠᠬᠤ ᠦᠭᠡᠢ ᠪᠢᠵᠨ᠃ | ᠮᠠᠨ ᠤ ᠮᠣᠩᠭᠤᠯ ᠦᠨᠳᠦᠰᠦᠳᠡᠨ ᠤ ︽ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠣᠨᠠᠭᠠᠨ ᠠᠴᠠ ᠪᠠᠨ︾ ᠭᠡᠬᠦ ᠰᠣᠷᠭᠠᠯ ᠦᠭᠡ ᠳᠤ ᠮᠠᠰᠢ ᠶᠡᠭᠡ | ᠣᠳᠬ᠎ᠠ ᠣᠴᠢᠷ ᠠᠭᠤᠯᠤᠬᠳᠠᠵᠣ ᠪᠠᠶᠢᠳᠠᠬ᠃ ᠡᠬᠦᠨ ᠳᠤ ᠭᠡᠣᠭᠡᠳ ᠢ ᠪᠠᠭ᠎ᠠ ᠨᠠᠰᠣᠨ ᠠᠴᠠ ᠨᠢ ᠡᠬᠢᠯᠡᠨ ᠬᠦᠳᠦᠯᠦᠨ ᠵᠢᠯᠣᠭᠤᠳᠴᠣ᠂ ᠴᠢᠩᠭ᠎ᠠ ᠬᠦᠮᠦᠵᠢᠬᠦᠯᠬᠦ | ᠬᠡᠷᠡᠭᠲᠡᠢ ᠭᠡᠰᠡᠨ ᠰᠠᠨᠠᠭ᠎ᠠ ᠢᠯᠨ ᠲᠣᠳᠣᠷᠬᠠᠢ ᠬᠠᠷᠠᠬᠳᠠᠵᠤ ᠪᠠᠶᠢᠳᠠᠬ᠃ ᠭᠡᠣᠭᠡᠳ ᠤᠨ ᠠᠩᠬᠠᠨ ᠤ ᠪᠠᠭᠰᠢ ᠪᠣᠯ ᠭᠡᠷ ᠤᠨ ᠠᠬᠠᠮᠠᠳ ᠭᠡᠳᠡᠭ ᠨᠢ ᠲᠣᠩ ᠵᠦᠪ | ᠣᠨᠣᠪᠴᠢᠲᠠᠢ ᠦᠭᠡ ᠶᠣᠮ᠃ ᠭᠡᠷ ᠤᠨ ᠠᠬᠠᠮᠠᠳ ᠭᠡᠣᠭᠡᠳ ᠢᠶᠠᠨ ᠨᠡᠶᠢᠭᠡᠮ ᠲᠡᠭᠡᠷ᠎ᠡ ᠬᠢᠷᠢ ᠲᠡᠩᠴᠡᠭᠰᠡᠨ ᠶᠣᠰᠣ ᠮᠣᠷᠠᠯ ᠤᠨ ᠪᠣᠯᠪᠠᠰᠣᠷᠠᠯ ᠲᠠᠢ᠂ ᠲᠡᠭᠡᠳᠣ | ᠭᠡᠮᠵᠢᠶᠡᠨ ᠤ ᠴᠢᠳᠠᠪᠣᠷᠢ ᠲᠠᠢ ᠪᠣᠯᠭᠠᠨ ᠬᠦᠮᠦᠵᠢᠬᠦᠯᠦᠶ᠎ᠡ ᠭᠡᠪᠡᠯ ᠬᠠᠷᠠᠬᠠᠨ ᠪᠠᠭ᠎ᠠ ᠠᠴᠠ ᠨᠢ ᠡᠬᠢᠯᠡᠨ ᠬᠠᠳᠠᠭᠤ ᠦᠭᠡ ᠶᠢ ᠲᠠᠭᠠᠭᠠᠵᠣ ᠴᠢᠳᠠᠬᠤ᠂ ᠬᠦᠴᠢᠷᠳᠡᠯ ᠢ | ᠲᠠᠪᠠᠵᠣ ᠴᠢᠳᠠᠬᠤ᠂ ᠦᠪᠡᠷ ᠤᠨ ᠢᠶᠠᠨ ᠣᠶᠣᠨ ᠪᠢᠯᠢᠭ ᠬᠦᠴᠦ ᠴᠢᠳᠡᠯ ᠳᠠᠭᠠᠨ ᠵᠦᠪ ᠮᠠᠭᠠᠳᠯᠠᠯᠳᠠ ᠬᠢᠵᠣ ᠴᠢᠳᠠᠬᠤ᠂ ᠲᠠᠷᠣᠣ ᠬᠢᠴᠢᠶᠡᠩᠬᠦᠢ ᠪᠠᠷ ᠰᠣᠷᠣᠯᠴᠠᠵᠣ | ᠬᠠᠳᠠᠭᠤᠵᠢᠨ ᠪᠣᠯᠪᠠᠰᠣᠷᠠᠬᠤ ᠣᠮᠤᠭ ᠵᠣᠷᠢᠬ ᠲᠠᠢ ᠪᠣᠯᠭᠠᠬᠤ ᠶᠢ ᠴᠢᠬᠤᠯᠠᠴᠢᠯᠠᠬᠤ ᠭᠡᠷᠡᠭᠲᠡᠢ᠃ ᠨᠡᠶᠢᠭᠡᠮ ᠤᠨ ᠬᠦᠭᠵᠢᠯᠳᠠ ᠶᠢᠨ ᠬᠠᠨᠳᠣᠰᠢ ᠠᠴᠠ ᠦᠵᠡᠪᠡᠯ ᠬᠤᠵᠢᠮ | ᠮᠡᠳᠡᠯᠭᠡ ᠴᠢᠳᠠᠪᠣᠷᠢ ᠬᠤᠣᠰᠯᠠᠬᠰᠠᠨ ᠬᠦᠮᠦᠨ ᠶᠡᠭᠡ ᠬᠡᠷᠡᠭᠴᠡᠭᠡ ᠲᠠᠢ ᠪᠣᠯᠬᠤ ᠨᠢ ᠢᠯᠡᠷᠭᠡᠢ᠃ ᠮᠡᠳᠡᠯᠭᠡ ᠪᠠᠶᠢᠪᠠᠴᠣ ᠲᠡᠬᠦᠨ ᠢ ᠪᠠᠨ ᠢᠯᠡᠷᠡᠬᠦᠯᠦᠨ ᠦᠨᠡᠨᠬᠦ ᠬᠡᠷᠡᠭᠯᠡᠬᠦ | ᠴᠢᠳᠠᠪᠣᠷᠢ ᠦᠭᠡᠢ ᠪᠣᠯ ᠰᠠᠭᠤᠷᠢ ᠤᠶᠠᠨ ᠠᠳᠠᠯᠢ᠂ ᠶᠠᠭ ᠦᠨᠳᠦᠰᠦ ᠮᠠᠭᠤ ᠮᠤᠳᠤ ᠠᠳᠠᠯᠢ ᠰᠢᠷᠦᠭᠦᠨ ᠰᠠᠯᠬᠢᠨ ᠳᠤ ᠨᠠᠶᠢᠭᠤᠵᠤ᠂ ᠬᠦᠷᠳᠦ ᠮᠠᠭᠤ ᠲᠡᠷᠭᠡ ᠠᠳᠠᠯᠢ | ᠪᠠᠭ᠎ᠠ ᠰᠠᠭ᠎ᠠ ᠪᠠᠷᠲᠠᠭ᠎ᠠ ᠲᠠᠢ ᠵᠠᠮ ᠳᠤ ᠰᠠᠯᠭᠠᠨᠠᠵᠤ ᠪᠠᠶᠢᠳᠠᠬ᠃ ᠴᠢᠳᠠᠪᠣᠷᠢ ᠪᠠᠶᠢᠪᠠᠴᠣ ᠲᠡᠬᠦᠨ ᠢ ᠶᠠᠭᠤᠨ ᠳᠤ ᠬᠡᠷᠡᠭᠯᠡᠬᠦ ᠶᠠᠭᠠᠬᠢᠵᠣ ᠬᠡᠷᠡᠭᠯᠡᠬᠦ ᠶᠢ ᠲᠣᠩᠭᠠᠬᠤ ᠮᠡᠳᠡᠯᠭᠡ | ᠦᠭᠡᠢ ᠪᠣᠯ ᠵᠢᠯᠣᠭᠤ ᠰᠤᠯᠠ ᠠᠳᠠᠯᠢ᠂ ᠶᠠᠬ ᠶᠡᠭᠡ ᠮᠠᠨᠠᠨ ᠪᠤᠳᠠᠩ ᠲᠤᠲᠣᠷ᠎ᠠ ᠠᠶᠠᠯᠠᠯ ᠤᠨ ᠵᠦᠭ ᠢᠶᠠᠨ ᠲᠤᠭᠲᠠᠭᠠᠬᠤ ᠳᠤ ᠭᠦᠴᠢᠷᠳᠡᠭᠰᠡᠨ ᠨᠡᠭᠦᠳᠡᠯ ᠤᠨ ᠠᠶᠠᠨ᠂ | ᠴᠠᠮᠬᠠᠬ ᠦᠭᠡᠢ ᠰᠦᠨᠢ ᠶᠢᠨ ᠭᠦᠨ ᠳᠤ ᠴᠢᠭᠯᠡᠯ ᠢᠶᠠᠨ ᠲᠤᠭᠲᠠᠭᠠᠬᠤ ᠳᠤ ᠭᠦᠴᠢᠷᠳᠡᠭᠰᠡᠠ ᠲᠠᠯᠠᠢ ᠶᠢᠨ ᠠᠶᠠᠯᠠᠯ ᠠᠳᠠᠯᠢ ᠬᠦᠳᠡᠯᠭᠦ ᠳᠤ ᠪᠡᠷᠭᠡᠰᠢᠶᠡᠭᠦ ᠪᠤᠶᠤ ᠵᠦᠪ | ᠴᠢᠭᠯᠡᠯ ᠲᠤᠭᠲᠠᠭᠠᠬᠤ ᠳᠤ ᠬᠦᠴᠢᠷ ᠪᠠᠶᠢᠳᠠᠬ᠃ | ︽ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ︾ ᠭᠡᠳᠡᠭ ᠲᠦᠮᠡᠨ ᠵᠦᠪ᠃ ᠮᠠᠨ ᠤ ᠮᠣᠩᠭᠤᠯ ᠦᠨᠳᠦᠰᠦᠳᠡᠨ ᠤ ᠭᠡᠣᠭᠡᠳ ᠬᠠᠷ᠎ᠠ ᠪᠠᠭ᠎ᠠ ᠠᠴᠠ ᠪᠠᠨ ᠨᠡᠬᠦᠳᠡᠯ | ᠮᠠᠯᠵᠢᠯ ᠤᠨ ᠠᠮᠢᠳᠣᠷᠠᠯ ᠳᠤ ᠲᠠᠰᠴᠣ᠂ ᠠᠭᠤᠯᠨ ᠣᠰᠣ ᠲᠠᠪᠠᠭ᠋ᠣ ᠨᠡᠬᠦᠳᠡᠯ ᠤᠨ ᠠᠶᠠᠨ᠂ ᠰᠠᠯᠬᠢ ᠪᠣᠷᠤᠭ᠎ᠠ ᠶᠢ ᠲᠠᠰᠪᠣᠷᠢᠯᠡᠭᠰᠡᠨ ᠣᠳᠣᠷ ᠤᠨ ᠠᠮᠢᠳᠣᠷᠠᠯ᠂ ᠮᠣᠷᠢ | ᠣᠷᠣᠯᠳᠣᠬᠤ᠂ ᠮᠠᠯ ᠤᠨ ᠵᠢᠰᠣ ᠲᠣᠬᠳᠠᠭᠠᠬᠤ᠂ ᠦᠯᠢᠭᠡᠷ ᠲᠣᠮᠤᠭ ᠰᠣᠨᠣᠰᠴᠣ ᠴᠡᠭᠡᠵᠢᠯᠡᠬᠦ᠂ ᠣᠯᠠᠨ ᠠᠩ ᠠᠮᠢᠳᠡᠨ ᠤ ᠨᠡᠷ᠎ᠡ ᠶᠢ ᠡᠵᠡᠮᠰᠢᠬᠦ ᠵᠡᠷᠭᠡ ᠣᠯᠠᠨ | ᠲᠠᠯ᠎ᠠ ᠪᠠᠷ ᠲᠠᠮᠵᠢᠨ ᠪᠡᠶ᠎ᠡ ᠮᠠᠬᠠᠪᠣᠳ ᠢᠶᠠᠨ ᠴᠢᠩᠭᠠᠷᠠᠭᠤᠯᠵᠣ᠂ ᠣᠶᠣᠨ ᠣᠬᠠᠭᠠᠨ ᠢᠶᠠᠨ ᠰᠤᠷᠢᠵᠣ᠂ ᠦᠰᠦᠨ ᠪᠤᠶᠢᠵᠢᠬᠤ ᠣᠳᠣᠮ ᠲᠠᠢ ᠪᠢᠯᠨ᠃ ᠣᠳᠣ ᠪᠢᠳᠡᠨ | ᠲᠡᠷᠡᠬᠦ ᠮᠠᠯᠵᠢᠬᠤ ᠠᠮᠢᠳᠣᠷᠠᠯ ᠤᠨ ᠣᠷᠴᠢᠨ ᠲᠣᠭᠤᠷᠢᠨ ᠠᠴᠠ ᠡᠳᠣᠷ ᠢᠷᠡᠬᠦ ᠲᠣᠳᠣᠮ ᠬᠤᠯᠠᠳᠠᠵᠣ᠂ ᠬᠤᠳᠠ ᠣᠷᠣᠭᠤ ᠰᠢᠯᠵᠢᠵᠣ ᠪᠠᠶᠢᠬᠤ ᠪᠣᠯᠪᠠᠴᠣ | ᠦᠨᠳᠦᠰᠦᠳᠡᠨ ᠤ ᠪᠠᠨ ᠣᠷᠳᠣ ᠣᠳᠠᠭᠠᠨ ᠵᠢᠯ ᠠᠴᠠ ᠣᠯᠠᠮᠵᠢᠯᠠᠨ ᠬᠡᠷᠡᠭᠵᠢᠬᠦᠯᠵᠣ ᠢᠷᠡᠭᠰᠡᠨ ᠭᠡᠣᠭᠡᠳᠤᠨ ᠰᠣᠷᠭᠠᠯ ᠤᠨ ᠬᠤᠪᠣᠷ ᠨᠡᠨᠳᠢᠨ ᠲᠣᠷᠰᠢᠯᠭ᠎ᠠ ᠶᠢ ᠮᠠᠷᠳᠠᠵᠣ | ᠪᠣᠯᠬᠤ ᠦᠭᠡᠢ᠃ ᠮᠠᠨ ᠤ ᠮᠣᠩᠭᠤᠯᠴᠣᠳ ᠬᠦᠨᠳᠦᠳᠭᠡᠨ ᠲᠠᠭᠠᠰᠢᠶᠠᠬᠤ ᠳᠠᠭᠠᠨ ︽ᠶᠣᠰᠣ ᠮᠡᠳᠡᠳᠡᠭ ᠬᠦᠮᠦᠨ︾᠂ ︽ᠶᠣᠰᠣ ᠲᠠᠢ ᠭᠡᠣᠭᠡᠳ︾᠂ ︽ᠮᠣᠷᠠᠯ ᠲᠠᠢ | ᠭᠡᠣᠭᠡᠳ︾ ᠭᠡᠵᠣ ᠭᠡᠯᠡᠳᠡᠭ᠃ ᠡᠬᠦᠨ ᠳᠤ ᠶᠣᠰᠣ ᠮᠡᠳᠡᠳᠡᠭ ᠭᠡᠵᠣ ᠶᠠᠮᠠᠷ ᠨᠢᠭᠡᠨ ᠣᠴᠢᠷ ᠶᠠᠪᠣᠳᠠᠯ ᠤᠨ ᠮᠦᠨ ᠴᠢᠨᠠᠷ ᠢ ᠣᠬᠠᠭᠠᠵᠣ ᠲᠠᠨᠢᠳᠠᠬ ᠢ ᠵᠢᠭᠠᠵᠣ ᠪᠠᠶᠢᠬᠤ | ᠶᠣᠮ᠃ ᠪᠠᠰᠨ ᠮᠠᠨ ᠤ ᠮᠣᠩᠭᠤᠯ ᠦᠨᠳᠦᠰᠦᠳᠡᠨ ᠤ ᠶᠣᠰᠣ ᠶᠠᠪᠣᠳᠠᠯ ᠲᠡᠭᠡᠷ᠎ᠡ ︽ᠨᠠᠰᠣ ᠶᠡᠭᠡ ᠤᠤ ᠶᠣᠰᠣ ᠶᠡᠭᠡ ᠤᠤ︖︾ ᠭᠡᠵᠣ ᠠᠰᠠᠭᠤᠬᠤ ᠳᠤ ︽ᠶᠣᠰᠣ ᠶᠡᠭᠡ | ︾ ᠭᠡᠵᠣ ᠬᠠᠷᠢᠭᠤᠯᠳᠠᠭ ᠵᠠᠩᠰᠢᠯ ᠲᠠᠢ ᠶᠣᠮ᠃ ᠡᠬᠦᠨ ᠠᠴᠠ ᠪᠢᠳᠡᠨ ᠶᠣᠰᠣ ᠭᠡᠳᠡᠭ ᠮᠠᠨ ᠤ ᠨᠡᠶᠢᠭᠡᠮ ᠲᠡᠭᠡᠷ᠎ᠡ ᠭᠡᠳᠦ᠋ᠢᠴᠢᠨᠡᠭᠡᠨ ᠡᠷᠬᠢᠮ ᠲᠡᠭᠡᠳᠣ ᠪᠠᠶᠢᠬᠤ ᠶᠢ | ᠣᠢᠢᠯᠠᠭᠠᠳᠠᠬ᠃ ᠲᠡᠶᠢᠮᠣ ᠠᠴᠠ ᠭᠡᠣᠭᠡᠳ ᠢᠶᠠᠨ ᠶᠣᠰᠣ ᠣᠴᠢᠷ ᠢ ᠲᠣᠩᠭᠠᠵᠣ᠂ ᠨᠢᠳᠦᠨ ᠤ ᠡᠮᠣᠨᠠᠬᠢ ᠶᠢ ᠣᠬᠠᠭᠠᠵᠣ᠂ ᠨᠢᠳᠦᠨ ᠤ ᠲᠡᠯᠡᠳᠠᠬᠢ ᠶᠢ ᠰᠡᠳᠬᠢᠵᠣ | ᠴᠢᠳᠠᠬᠤ ᠬᠦᠮᠦᠨ ᠪᠣᠯᠭᠠᠶᠡ᠃ ᠶᠣᠰᠣ ᠣᠴᠢᠷ ᠢ ᠡᠷᠬᠢᠮᠯᠡᠳᠡᠭ ᠬᠦᠮᠦᠨ ᠪᠣᠰᠣᠳ ᠤᠨ ᠲᠣᠰᠨ ᠶᠢ ᠠᠴᠢᠯᠠᠵᠣ ᠴᠢᠳᠡᠳᠠᠬ᠃ ᠶᠣᠰᠣ ᠣᠴᠢᠷ ᠢ ᠮᠡᠳᠡᠳᠡᠭ ᠬᠦᠮᠦᠨ | ᠨᠡᠶᠢᠭᠡᠮ ᠨᠡᠶᠢᠳᠠ ᠶᠢᠨ ᠬᠦᠷᠢᠶᠡᠯᠡᠯ ᠢ ᠣᠯᠵᠣ᠂ ᠬᠦᠮᠦᠨ ᠴᠢᠨᠠᠷ ᠤᠨ ᠦᠨ᠎ᠡ ᠴᠡᠨ᠎ᠡ ᠶᠢ ᠪᠠᠳᠠᠷᠠᠭᠤᠯᠤᠨ᠂ ᠠᠵᠢᠯ ᠠᠮᠢᠳᠣᠷᠠᠯ ᠳᠠᠭᠠᠨ ᠦᠭᠡᠳᠠ ᠲᠠᠢ ᠰᠠᠶᠢᠨ ᠶᠠᠪᠣᠵᠣ | ᠴᠢᠳᠠᠳᠠᠬ ᠪᠣᠯᠬᠤᠷ ᠠᠮᠢᠨ ᠬᠠᠶᠢᠷᠠᠲᠠᠢ ᠠᠯᠢᠶ᠎ᠠ ᠬᠦᠭᠡᠷᠦᠬᠦᠨ ᠭᠡᠣᠭᠡᠳ ᠢᠶᠠᠨ ᠪᠠᠭ᠎ᠠ ᠨᠠᠰᠣᠨ ᠳᠤᠨᠢ ᠬᠠᠳᠠᠭᠤ ᠳᠤ ᠲᠠᠰᠴᠤ᠂ ᠬᠤᠯᠨ ᠶᠢ ᠰᠡᠳᠬᠢᠬᠦ ᠪᠣᠯᠪᠠᠰᠣᠷᠠᠯ ᠲᠠᠢ | ᠪᠣᠯᠭᠠᠬᠤ ᠪᠠᠷ ᠴᠢᠷᠮᠠᠶᠢᠶ᠎ᠠ︕ | | |