ᠲᠤᠮᠳᠠᠳᠤ ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠬᠢᠴᠢᠶᠡᠯ᠂ ᠤᠨᠴᠠᠭᠠᠢᠢᠯᠠᠨ ᠪᠠᠭ᠎ᠠ ᠰᠤᠷᠭᠠᠭᠤᠯᠢ ᠶᠢᠨ ᠬᠡᠯᠡ ᠪᠢᠴᠢᠭ ᠤᠨ ᠬᠢᠴᠢᠶᠡᠯ ᠨᠢ ᠠᠯᠢᠪᠠ | ᠲᠦᠷᠦᠯ ᠢ ᠰᠤᠷᠴᠦ ᠡᠵᠡᠮᠰᠢᠬᠦ ᠶᠢᠨ ᠲᠦᠯᠬᠢᠬᠦᠷ ᠬᠢᠴᠢᠶᠡᠯ ᠲᠤᠯᠠ ᠰᠤᠷᠤᠭᠴᠢᠳ ᠡᠷᠬᠡᠪᠰᠢ ᠲᠤᠤᠷ ᠠ ᠲᠤᠷᠠᠳᠤᠭᠰᠠᠨ ᠲᠠᠪᠤᠨ ᠡᠷᠬᠢᠮᠯᠡᠯ ᠢ ᠪᠡᠷᠢᠮᠳᠠᠯᠠᠵᠥ᠂ ᠬᠡᠯᠡ | ᠪᠢᠴᠢᠭ ᠤᠨ ᠬᠢᠴᠢᠶᠡᠯ ᠤᠨ ᠬᠢᠷᠢ ᠪᠦᠳᠦᠮᠵᠢ ᠪᠠᠨ ᠲᠠᠰᠤᠷᠠᠯᠳᠠ ᠦᠭᠡᠢ ᠲᠡᠭᠡᠭᠰᠢᠯᠡᠬᠦᠯᠬᠦ ᠪᠠᠷ ᠴᠢᠷᠮᠠᠶᠢᠪᠠᠯ ᠵᠤᠬᠢᠨ᠎ᠠ᠃ | 1. ᠵᠦᠪ ᠪᠢᠴᠢᠬᠦ ᠶᠢ ᠡᠷᠬᠢᠮᠯᠡᠬᠦ | ︽ᠦᠭᠡ ᠶᠢᠨ ᠠᠯᠳᠠᠭ᠎ᠠ ᠨᠢᠭᠡ ᠦᠶ ᠠ᠂ ᠦᠰᠦᠭ ᠤᠨ ᠠᠯᠳᠠᠭ᠎ᠠ ᠲᠦᠮᠡᠨ ᠦᠶ ᠠ︾ ᠭᠡᠳᠡᠭᠴᠢᠯᠡᠨ ᠰᠤᠷᠤᠭᠴᠢᠳ ᠦᠭᠡ ᠦᠬᠦᠯᠡᠪᠤᠷᠢ ᠪᠠᠨ ᠵᠦᠪ ᠬᠡᠷᠡᠭᠯᠡᠵᠥ | ᠂ ᠦᠰᠦᠭ ᠪᠢᠴᠢᠭ ᠢᠶᠠᠨ ᠵᠦᠪ ᠪᠢᠴᠢᠬᠦ ᠪᠤᠯ ᠤᠮᠳᠤᠭᠠᠢᠢᠯᠠᠵᠥ ᠪᠤᠯᠤᠰᠢ ᠦᠭᠡᠢ ᠴᠢᠬᠤᠯᠠ ᠪᠤᠯᠪᠠᠰᠤᠷᠠᠯ ᠪᠤᠯᠬᠤ ᠶᠤᠮ᠃ ᠵᠦᠪ ᠪᠢᠴᠢᠬᠦ ᠶᠢ ᠡᠷᠬᠢᠮᠯᠡᠬᠦ ᠬᠡᠭᠴᠢ ᠨᠢ | ᠮᠤᠩᠭᠤᠯ ᠬᠡᠯᠡ ᠪᠢᠴᠢᠭ ᠤᠨ ᠡᠬᠡᠰᠢᠭ ᠵᠤᠬᠢᠴᠠᠬᠤ ᠶᠤᠰᠤ ᠶᠢ ᠪᠠᠷᠢᠮᠳᠠᠯᠠᠵᠥ᠂ ᠴᠢᠩᠭ᠎ᠠ ᠬᠦᠨᠳᠡᠢ ᠶᠢ ᠢᠯᠭᠠᠨ᠂ ᠦᠭᠡ ᠦᠰᠦᠭ ᠤᠨ ᠰᠢᠳᠤ ᠠᠷᠠᠭ᠎ᠠ᠂ ᠴᠡᠭ ᠲᠤᠰᠤᠯ | ᠂ ᠭᠡᠳᠡᠰᠦ ᠰᠡᠬᠦᠯ ᠵᠡᠷᠭᠡ ᠠᠯᠢ ᠤᠯᠠᠨ ᠪᠢᠴᠢᠯᠭᠡ ᠳᠤ ᠬᠤᠯᠪᠤᠭᠳᠠᠬᠤ ᠵᠦᠢᠯ ᠤᠳ ᠢ ᠱᠠᠭᠠᠷᠳᠠᠯᠭ᠎ᠠ ᠶᠤᠰᠤᠭᠠᠷ ᠵᠦᠪ ᠤᠨᠤᠪᠴᠢᠳᠠᠢ ᠪᠢᠴᠢᠬᠦ ᠶᠢ ᠬᠡᠯᠡᠵᠥ ᠪᠤᠢ᠃ | ᠡᠶᠢᠮᠦ ᠠᠴᠠ ᠰᠤᠷᠤᠭᠴᠢᠳ ᠵᠦᠪ ᠪᠢᠴᠢᠬᠦ ᠶᠢ ᠤᠨᠴᠠ ᠠᠩᠬᠠᠷᠪᠠᠯ ᠵᠤᠬᠢᠨ᠎ᠠ᠃ | 2. ᠵᠦᠪ ᠤᠩᠰᠢᠬᠤ ᠶᠢ ᠡᠷᠬᠢᠮᠯᠡᠬᠦ | ᠵᠦᠪ ᠤᠩᠰᠢᠬᠤ ᠶᠢ ᠡᠷᠬᠢᠮᠯᠡᠬᠦ ᠭᠡᠭᠴᠢ ᠨᠢ ᠬᠡᠯᠡ ᠪᠢᠴᠢᠭ ᠤᠨ ᠠᠪᠢᠶ ᠠ ᠢᠵᠢᠯᠢᠰᠢᠬᠦ ᠶᠤᠰᠤ ᠶᠢ ᠪᠠᠷᠢᠮᠳᠠᠯᠠᠵᠥ᠂ ᠦᠭᠡ ᠦᠰᠦᠭ ᠤᠨ ᠴᠢᠩᠭ᠎ᠠ ᠬᠦᠨᠳᠠᠢ ᠶᠢ | ᠢᠯᠭᠠᠵᠥ᠂ ᠪᠠᠷᠢᠮᠵᠢᠶ ᠠ ᠠᠪᠢᠶ ᠠ ᠪᠠᠷ ᠵᠦᠪ ᠤᠨᠤᠪᠴᠢᠳᠠᠢ ᠪᠦᠭᠡᠳ ᠴᠡᠪᠡᠷ ᠲᠤᠳᠤ ᠤᠢᠢᠯᠠᠭᠠᠮᠵᠢᠳᠠᠢ ᠤᠩᠰᠢᠬᠤ ᠶᠢ ᠬᠡᠯᠡᠵᠥ ᠪᠠᠶᠢᠨ᠎ᠠ᠃ ᠰᠤᠷᠤᠭᠴᠢᠳ | ᠬᠢᠴᠢᠶᠡᠯ ᠢᠶᠠᠨ ᠤᠩᠰᠢᠬᠤ ᠪᠤᠶᠤ ᠬᠢᠴᠢᠶᠠᠯ ᠤᠨ ᠭᠠᠳᠠᠭᠤᠷᠬᠢ ᠨᠤᠮ ᠤᠩᠰᠢᠬᠤ ᠳᠠᠭᠠᠨ ᠡᠷᠬᠡᠪᠰᠢ ᠤᠷᠠᠨ ᠲᠤᠳᠤ ᠤᠩᠰᠢᠯᠭ᠎ᠠ᠂ ᠪᠠᠷᠢᠮᠵᠢᠶ ᠠ ᠤᠩᠰᠢᠯᠭ᠎ᠠ ᠶᠢ | ᠬᠦᠨᠳᠦᠳᠬᠡᠵᠥ ᠦᠵᠡᠬᠦ ᠬᠡᠷᠡᠭᠳᠠᠢ᠃ | 3. ᠵᠦᠪ ᠬᠡᠷᠡᠭᠯᠡᠬᠦ ᠶᠢ ᠡᠷᠬᠢᠮᠯᠡᠬᠦ | ᠠᠳᠡ ᠶᠠᠷᠢᠵᠥ ᠪᠠᠶᠢᠭ᠎ᠠ ᠵᠦᠪ ᠬᠡᠷᠡᠭᠯᠡᠬᠦ ᠭᠡᠳᠡᠭ ᠨᠢ ᠭᠤᠤᠯᠳᠠᠭᠤ ᠬᠡᠯᠡ ᠵᠦᠢ ᠳᠤ ᠬᠤᠯᠪᠤᠭᠳᠠᠬᠤ ᠲᠠᠶᠢᠨ ᠢᠯᠭᠠᠯ ᠤᠨ ᠲᠠᠭᠠᠪᠤᠷᠢ ᠵᠡᠷᠭᠡ ᠶᠢ ᠵᠦᠪ ᠬᠡᠷᠡᠭᠯᠡᠬᠦ ᠶᠢ | ᠵᠢᠭᠠᠵᠥ ᠪᠤᠢ᠃ ᠬᠡᠷᠪᠡ ᠲᠠᠭᠠᠪᠤᠷᠢ ᠶᠢ ᠪᠤᠷᠤᠭᠤ ᠬᠡᠷᠡᠭᠯᠡᠪᠡᠯ ᠦᠭᠡ ᠦᠬᠦᠯᠡᠪᠦᠷᠢ ᠶᠢᠨ ᠤᠳᠬ᠎ᠠ ᠦᠭᠡᠷᠡᠳᠦᠵᠥ᠂ ᠰᠠᠨᠠᠭᠠᠨ ᠳᠤ ᠦᠭᠡᠢ ᠬᠡᠷᠡᠭ ᠪᠤᠳᠤᠯᠭᠠᠨ ᠳᠤ ᠦᠭᠡᠢ | ᠤᠷᠰᠢᠭ ᠭᠠᠷᠴᠦ ᠮᠡᠳᠡᠬᠦ ᠶᠤᠮ᠃ ᠡᠶᠢᠮᠦ ᠠᠴᠠ ᠬᠡᠯᠡ ᠵᠦᠢ ᠶᠢᠨ ᠦᠨᠳᠦᠰᠦᠨ ᠮᠡᠳᠡᠯᠭᠡ ᠶᠢ ᠰᠠᠶᠢᠳᠤᠷ ᠰᠤᠷᠴᠦ ᠡᠵᠡᠮᠰᠢᠵᠥ ᠵᠦᠪ ᠬᠡᠷᠡᠭᠯᠡᠬᠦ ᠶᠢ ᠡᠷᠬᠢᠮᠯᠡᠬᠦ | ᠬᠡᠷᠡᠭᠳᠠᠢ᠃ | 4. ᠵᠦᠪ ᠨᠠᠶᠢᠷᠠᠭᠤᠯᠬᠤ ᠶᠢ ᠡᠷᠬᠢᠮᠯᠡᠬᠦ | ᠵᠦᠪ ᠨᠠᠶᠢᠷᠠᠭᠤᠯᠬᠤ ᠶᠢ ᠡᠷᠬᠢᠮᠯᠡᠬᠦ ᠬᠡᠳᠡᠭ ᠨᠢ ᠲᠠᠷᠤᠢ ᠨᠠᠶᠢᠷᠠᠭᠤᠯᠭ᠎ᠠ ᠶᠢᠨ ᠵᠦᠢ ᠪᠠ ᠯᠤᠬᠢᠭ ᠤᠨ ᠵᠠᠷᠴᠢᠮ ᠢ ᠪᠠᠷᠢᠮᠳᠠᠯᠠᠵᠥ᠂ ᠦᠬᠦᠯᠡᠪᠤᠷᠢ ᠵᠤᠬᠢᠶᠠᠬᠤ ᠪᠠ | ᠵᠤᠬᠢᠶᠠᠯ ᠪᠢᠴᠢᠬᠦ ᠳᠡᠭᠡᠨ ᠵᠦᠪ ᠨᠠᠶᠢᠷᠠᠭᠤᠯᠬᠤ ᠶᠢ ᠵᠢᠭᠠᠵᠥ ᠪᠤᠢ᠃ ᠪᠠᠭᠰᠢ ᠶᠢᠨ ᠦᠯᠡᠳᠡᠭᠡᠭᠰᠡᠨ ᠵᠤᠬᠢᠶᠠᠨ ᠪᠢᠴᠢᠯᠭᠡ ᠶᠢᠨ ᠲᠠᠰᠬᠠᠯ ᠲᠠᠭᠠᠭᠠᠯᠭᠠᠪᠤᠷᠢ ᠶᠢ ᠴᠠᠭ | ᠲᠤᠬᠠᠢ ᠳᠤᠨᠢ ᠪᠡᠶᠡᠯᠡᠬᠦᠯᠵᠥ᠂ ᠵᠤᠬᠢᠶᠠᠨ ᠨᠠᠶᠢᠷᠠᠭᠤᠯᠬᠤ ᠰᠠᠭᠤᠷᠢ ᠪᠠᠨ ᠪᠠᠳᠤᠵᠢᠭᠤᠯᠬᠤ ᠴᠢᠬᠤᠯᠠ ᠲᠠᠢ᠃ | 5. ᠰᠠᠶᠢᠬᠠᠨ ᠪᠢᠴᠢᠬᠦ ᠶᠢ ᠡᠷᠬᠢᠮᠯᠡᠬᠦ | ᠰᠠᠶᠢᠬᠠᠨ ᠪᠢᠴᠢᠬᠦ ᠬᠡᠳᠡᠭ ᠨᠢ ᠵᠦᠪ ᠪᠢᠴᠢᠭᠰᠠᠨ ᠤᠷᠢᠳᠠᠯ ᠲᠤᠤᠷ ᠠ ᠪᠢᠴᠢᠯᠭᠡ ᠶᠢᠨ ᠲᠢᠭ ᠢᠶᠠᠨ ᠭᠤᠶᠤᠵᠢᠭᠤᠯᠬᠤ ᠶᠠᠪᠤᠳᠠᠯ ᠪᠤᠯᠤᠨ᠎ᠠ᠃ ᠪᠢᠴᠢᠯᠭᠡ ᠶᠢᠨ | ᠲᠢᠭ ᠢ ᠭᠤᠶᠤᠵᠢᠭᠤᠯᠬᠤᠳᠠᠭᠠᠨ ᠬᠡᠯᠡ ᠪᠢᠴᠢᠭ ᠤᠨ ᠬᠢᠴᠢᠶᠡᠯ ᠤᠨ ᠪᠢᠴᠢᠯᠭᠡ ᠶᠢᠨ ᠱᠠᠭᠠᠷᠳᠠᠯᠭ᠎ᠠ ᠶᠤᠰᠤᠭᠠᠷ ᠦᠰᠦᠭᠤᠨ ᠲᠤᠯᠤᠭᠠᠢ᠂ ᠭᠡᠳᠡᠰᠤᠨ ᠤ ᠶᠡᠭᠡ ᠪᠠᠭ᠎ᠠ᠂ | ᠰᠢᠳᠦ ᠠᠷᠠᠭ᠎ᠠ ᠶᠢᠨ ᠤᠷᠳᠦ ᠤᠬᠤᠷ᠂ ᠰᠡᠬᠦᠯ ᠰᠢᠯᠪᠢ ᠶᠢᠨ ᠨᠠᠷᠢᠨ ᠪᠦᠳᠦᠭᠡᠨ᠂ ᠴᠡᠭ ᠲᠤᠰᠤᠯ ᠤᠨ ᠲᠤᠭᠳᠠᠭᠰᠠᠨ ᠤᠷᠤᠨ ᠪᠠ ᠪᠡᠶ ᠠ ᠨᠢᠷᠤᠭᠤᠨ ᠤ ᠬᠢᠨᠢ | ᠰᠢᠯᠤᠭᠤᠨ ᠪᠠᠶᠢᠬᠤ ᠵᠡᠷᠭᠡ ᠶᠢ ᠠᠩᠬᠠᠷᠴᠦ᠂ ᠦᠵᠡᠬᠦ ᠳᠤ ᠲᠠᠭᠠᠯᠠᠮᠵᠢᠳᠠᠢ ᠴᠡᠪᠡᠷ ᠲᠤᠳᠤ ᠪᠦᠭᠡᠳ ᠭᠤᠸ᠎ᠠ ᠰᠠᠶᠢᠬᠠᠨ ᠤ ᠭᠠᠶᠢᠬᠠᠪᠤᠷᠢ ᠲᠠᠢ ᠪᠤᠯᠭᠠᠪᠠᠯ ᠵᠤᠬᠢᠨ᠎ᠠ᠃ | | ᠰᠤᠷᠤᠭᠴᠢᠳ ᠲᠡᠭᠡᠷ ᠠ ᠲᠤᠷᠠᠳᠤᠭᠰᠠᠨ ᠲᠠᠪᠤᠨ ᠡᠷᠬᠢᠮᠯᠡᠯ ᠢ ᠪᠠᠷᠢᠮᠳᠠᠯᠠᠵᠥ᠂ ᠬᠡᠯᠡ ᠪᠢᠴᠢᠭ ᠤᠨ ᠬᠢᠴᠢᠶᠡᠯ ᠢᠶᠠᠨ ᠰᠤᠷᠤᠯᠴᠠᠳᠠᠭ ᠯᠡ ᠶᠤᠮ ᠪᠤᠯ ᠯᠠᠪ ᠰᠢᠯᠢᠳᠡᠭ | ᠬᠢᠷᠢ ᠪᠦᠳᠦᠮᠵᠢ ᠤᠯᠵᠥ ᠲᠠᠶᠢᠯᠤᠨ᠎ᠠ ᠭᠡᠳᠡᠭ ᠲᠤ ᠪᠢ ᠪᠠᠳᠤ ᠢᠳᠡᠭᠡᠯ ᠲᠠᠢ ᠪᠠᠶᠢᠨ᠎ᠠ︕ | |