ᠡᠳᠦᠷ ᠤᠯᠠᠮ ᠢᠶᠠᠷ ᠳᠣᠯᠠᠭᠠᠷᠠᠬᠤ ᠶᠢ ᠳᠠᠭᠠᠯᠳᠤᠨ᠂ ︽ᠲᠤᠭᠤᠷ ᠤᠨ ᠴᠡᠴᠡᠭ ᠳᠡᠯᠭᠡᠷᠡᠬᠦ ᠥᠶ᠎ᠡ ᠶᠢᠨ ᠬᠠᠶᠢᠯ ᠥᠶᠡᠷ︾ ᠤᠨ ᠭᠠᠮᠰᠢᠭ ᠡᠭᠦᠰᠴᠦ ᠮᠡᠳᠡᠬᠦ ᠶᠣᠮ᠂ | ᠦᠶᠡᠷ ᠵᠠᠯᠠᠬᠤ ᠭᠤᠸ ᠰᠤᠪᠠᠭ ᠤᠨ ᠴᠢᠳᠠᠮᠵᠢ ᠶᠢ ᠳᠡᠭᠡᠭᠰᠢᠯᠡᠭᠦᠯᠵᠦ᠂ ᠡᠷᠭᠢ ᠳᠠᠭᠠᠤ ᠶᠢᠨ ᠣᠯᠠᠨ ᠲᠦᠮᠡᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ | ᠪᠠᠲᠤᠯᠠᠬᠤ ᠶᠢᠨ ᠲᠥᠯᠥᠭᠡ᠂ ᠰᠢᠨᠡᠭᠡᠨ ᠵᠡᠭᠦᠨ ᠰᠤᠮᠤᠨ ᠤ ᠬᠢᠨ ᠢᠳᠡᠪᠬᠢᠲᠡᠢ ᠬᠥᠳᠡᠯᠦᠯᠴᠡᠵᠦ᠂ ᠦᠶᠡᠷ ᠵᠠᠯᠠᠬᠤ ᠭᠤᠸ ᠰᠤᠪᠠᠭ ᠤᠨ ᠬᠤᠭ ᠯᠠᠢ ᠶᠢ ᠴᠡᠪᠡᠷᠯᠡᠬᠦ | ᠠᠵᠢᠯ ᠢ ᠪᠥᠬᠦ ᠲᠠᠯ᠎ᠠ ᠪᠠᠷ ᠥᠷᠨᠢᠭᠦᠯᠵᠦ᠂ ︽ᠲᠤᠭᠤᠷ ᠤᠨ ᠴᠡᠴᠡᠭ ᠳᠡᠯᠭᠡᠷᠡᠬᠦ ᠥᠶ᠎ᠡ ᠶᠢᠨ ᠬᠠᠶᠢᠯ ᠥᠶᠡᠷ︾ ᠢ ᠰᠡᠷᠭᠡᠶᠢᠯᠡᠬᠦ ᠠᠵᠢᠯ ᠢ ᠯᠠᠪᠳᠠᠭᠤᠨ ᠪᠠᠲᠤᠲᠠᠢ | ᠰᠠᠶᠢᠲᠤᠷ ᠬᠢᠪᠡ᠃ | | | | | ᠬᠤᠭ ᠯᠠᠢ ᠶᠢ ᠨᠢ ᠠᠷᠢᠯᠭᠠᠬᠤ ᠭᠤᠣᠯᠳᠠᠯᠭ᠎ᠠ ᠲᠠᠢ ᠭᠠᠵᠠᠷ ᠢᠶᠠᠨ ᠲᠣᠭᠲᠠᠭᠠᠵᠤ᠂ ︽ᠰᠢᠢᠳᠪᠦᠷᠢᠲᠦ ᠳᠠᠶᠢᠯᠠᠯᠳᠤᠭᠠᠨ︾ ᠢ ᠰᠠᠶᠢᠲᠤᠷ ᠬᠢᠬᠦ ᠬᠡᠷᠡᠭᠲᠡᠢ | ︽ᠦᠶᠡᠷ ᠠᠴᠠ ᠰᠡᠷᠭᠡᠶᠢᠯᠡᠬᠦ ᠪᠦᠬᠦ ᠪᠡᠯᠡᠳᠭᠡᠯ ᠢ ᠣᠷᠢᠳᠴᠢᠯᠠᠨ ᠬᠢᠬᠦ︾ ᠣᠶᠢᠯᠠᠭᠠᠭᠳᠠᠬᠤᠨ ᠢ ᠪᠠᠷᠢᠮᠲᠠᠯᠠᠵᠤ᠂ ᠰᠢᠨᠡᠭᠡᠨ ᠵᠡᠭᠦᠨ ᠰᠤᠮᠤ ᠶᠢᠨ ᠬᠠᠮᠢᠶ᠎ᠠ ᠪᠦᠬᠦᠢ | ᠰᠠᠯᠠᠭ᠎ᠠ ᠮᠥᠴᠢᠷ ᠤᠨ ᠬᠢᠨ ᠠᠵᠢᠯᠲᠠᠳ ᠢ ᠵᠣᠬᠢᠶᠠᠨ ᠪᠠᠶᠢᠭᠤᠯᠤᠨ ᠬᠠᠷᠢᠶ᠎ᠠ ᠣᠷᠣᠨ ᠤ ᠪᠠᠨ ᠤᠰᠤᠲᠤᠯ ᠢ ᠵᠠᠯᠠᠬᠤ ᠭᠤᠤ ᠰᠤᠪᠠᠭ ᠢ ᠲᠣᠣᠷ ᠲᠠᠲᠠᠬᠤ ᠮᠡᠲᠦ ᠪᠠᠷ | ᠪᠠᠶᠢᠴᠠᠭᠠᠨ᠂ ᠥᠩᠭᠡᠷᠡᠭᠰᠡᠨ ᠤ ᠬᠠᠶᠢᠯ ᠤᠰᠣ ᠶᠢᠨ ᠪᠠᠶᠢᠳᠠᠯ᠂ ᠬᠤᠷᠠᠵᠤ ᠲᠤᠨᠤᠭᠰᠠᠨ ᠬᠡᠮᠵᠢᠶ᠎ᠡ ᠵᠢᠴᠢ ᠡᠷᠬᠢᠨ ᠲᠣᠭᠤᠷᠢᠨ ᠤ ᠭᠠᠵᠠᠷ ᠤᠨ ᠪᠠᠶᠢᠴᠠ ᠵᠡᠷᠭᠡ | ᠣᠯᠠᠨᠡᠯᠧᠮᠧᠨ᠋ᠲ ᠢ ᠦᠨᠳᠦᠰᠦᠯᠡᠨ᠂ ᠲᠠᠭᠯᠠᠷᠠᠵᠤ ᠪᠦᠭᠯᠡᠷᠡᠭᠰᠡᠨ ᠢ ᠠᠷᠢᠯᠭᠠᠬᠤ ᠭᠤᠣᠯᠳᠠᠯᠭ᠎ᠠ ᠶᠢ ᠣᠨᠣᠪᠴᠢᠲᠠᠢ ᠲᠣᠭᠲᠠᠭᠠᠵᠤ᠂ ᠭᠠᠮᠰᠢᠭ ᠪᠤᠯᠵᠤ ᠮᠡᠳᠡᠬᠦ7 ᠬᠡᠰᠡᠭ | ᠭᠠᠵᠠᠷ ᠢ ᠢᠯᠡᠷᠡᠭᠦᠯᠵᠦ᠂ ᠴᠡᠭᠴᠡᠯᠡᠨ ᠵᠠᠰᠠᠪᠠ᠃ ᠤᠰᠤᠨ ᠤ ᠤᠷᠤᠰᠬᠠᠯ ᠲᠦᠯᠭᠡᠨ᠂ ᠡᠯᠡᠰᠦ ᠰᠢᠪᠠᠷ ᠠᠮᠠᠷᠬᠠᠨ ᠲᠤᠨᠤᠬᠤ ᠬᠡᠰᠡᠭ ᠵᠢᠴᠢ ᠥᠩᠭᠡᠷᠡᠭᠰᠡᠨ | ᠵᠢᠯ ᠤᠳ ᠤᠨ ᠬᠠᠯᠢᠶ᠎ᠠ ᠦᠶᠡᠷ ᠤᠨ ᠬᠤᠭᠤᠴᠠᠭᠠᠨ ᠳᠤ ᠠᠶᠤᠯ ᠭᠠᠮᠰᠢᠭ ᠠᠮᠠᠷᠬᠠᠨ ᠭᠠᠷᠳᠠᠭ ᠬᠡᠰᠡᠭ ᠲᠤ ᠨᠠᠷᠢᠯᠢᠭ ᠲᠡᠮᠳᠡᠭ ᠲᠠᠯᠪᠢᠵᠦ᠂ ᠰᠡᠭᠦᠯᠡᠷᠬᠢ ᠲᠠᠭᠯᠠᠷᠠᠵᠤ | ᠪᠦᠭᠯᠡᠷᠡᠭᠰᠡᠨ ᠢ ᠴᠡᠪᠡᠷᠯᠡᠬᠦ ᠠᠵᠢᠯ ᠳᠤ ᠰᠢᠨᠵᠢᠯᠡᠬᠦ ᠤᠬᠠᠭᠠᠨᠴᠢ ᠦᠨᠳᠦᠰᠦᠯᠡᠯ ᠬᠠᠩᠭᠠᠪᠠ᠃ | | | | ᠮᠠᠰᠢᠨᠴᠢᠯᠠᠯᠲᠠ ᠲᠠᠢ ᠬᠠᠮᠲᠤᠷᠠᠨ ︽ᠰᠥᠨᠥᠭᠡᠬᠦ ᠳᠠᠶᠢᠯᠠᠯᠳᠤᠭᠠᠨ︾ ᠢ ᠰᠠᠶᠢᠲᠤᠷ ᠬᠢᠬᠦ ᠬᠡᠷᠡᠭᠲᠡᠢ | ᠤᠷᠤᠰᠬᠠᠯ ᠤᠨ ᠰᠠᠭᠠᠳ ᠦᠭᠡᠢ ᠶᠢ ᠦᠨᠡᠨᠬᠦ ᠪᠠᠲᠤᠯᠠᠬᠤ ᠶᠢᠨ ᠲᠦᠯᠦᠭᠡ᠂ ᠢᠳᠡᠪᠬᠢᠲᠡᠢ ᠪᠠᠷ ︽ᠬᠢᠯᠭᠠᠰᠤᠨ ᠰᠤᠳᠠᠯ ᠤᠳ ᠢ ᠨᠡᠪᠲᠡᠷᠡᠭᠦᠯᠦᠨ᠎ᠡ︾᠃ ᠪᠦᠭᠯᠡᠷᠡᠯ ᠢ | ᠴᠡᠪᠡᠷᠯᠡᠬᠦ ᠶᠠᠪᠤᠴᠠ ᠳᠤ᠂ 1 ᠰᠠᠤᠷᠢ ᠬᠦᠮᠦᠷᠢᠭᠦᠯ ᠲᠠᠢ ᠦᠪᠡᠷ ᠢᠶᠠᠨ ᠪᠠᠭᠤᠯᠭᠠᠭᠴᠢ ᠲᠡᠷᠭᠡ ᠪᠠ 1 ᠪᠣᠬᠢᠷ ᠤᠰᠤᠨ ᠤ ᠬᠥᠭᠡᠷᠭᠡ ᠲᠣᠬᠢᠷᠠᠭᠤᠯᠵᠤ᠂ ᠭᠤᠸ | ᠰᠤᠪᠠᠭ ᠵᠢᠴᠢ ᠰᠣᠪᠠᠭ ᠤᠨ ᠭᠦᠨ ᠳᠠᠬᠢ ᠶᠡᠭᠡ ᠬᠡᠮᠵᠢᠶᠡᠨ ᠤ ᠯᠠᠢ ᠰᠢᠪᠠᠷ ᠢ ᠴᠡᠪᠡᠷᠯᠡᠭᠦᠯᠵᠦ᠂ ᠡᠭᠦᠨ ᠳᠤ ᠠᠮᠢᠳᠤᠷᠠᠯ ᠤᠨ ᠬᠤᠭ ᠨᠣᠪᠰᠢ᠂ 2000 ᠮᠧᠲᠷ | ᠦᠷᠬᠦᠯᠵᠢᠯᠡᠭᠰᠡᠨ ᠪᠦᠭᠯᠡᠷᠡᠯ ᠢ ᠠᠷᠢᠯᠭᠠᠨ᠎ᠠ︔ ᠡᠭᠦᠨ ᠤ ᠬᠠᠮᠲᠤ᠂ ᠴᠡᠪᠡᠷᠯᠡᠵᠦ ᠭᠠᠷᠭᠠᠭᠰᠠᠨ ᠬᠤᠭ ᠯᠠᠭ ᠶᠢᠨ ᠲᠡᠭᠡᠭᠡᠰᠢ ᠪᠠᠨ ᠲᠣᠭᠲᠠᠭᠰᠠᠨ ᠭᠠᠵᠠᠷ ᠲᠤ ᠬᠦᠷᠭᠡᠵᠦ | ᠰᠢᠢᠳᠪᠦᠷᠢᠯᠡᠭᠦᠯᠦᠨ᠂ ᠬᠤᠶᠠᠳᠠᠭᠢ ᠪᠣᠬᠢᠷᠲᠤᠯ ᠡᠭᠦᠰᠬᠡᠬᠦ ᠠᠴᠠ ᠵᠠᠶᠢᠯᠠᠰᠬᠢᠵᠦ᠂ ᠡᠷᠬᠢᠨ ᠲᠣᠭᠤᠷᠢᠨ ᠤ ᠴᠡᠪᠡᠷ ᠳᠣᠬᠢᠯᠢᠭ ᠢ ᠪᠠᠲᠤᠯᠠᠬᠤ ᠬᠡᠷᠡᠭᠲᠡᠢ᠃ | | | | | ᠤᠷᠲᠤ ᠬᠤᠭᠤᠴᠠᠭᠠᠨ ᠤ ᠲᠣᠭᠲᠠᠴᠠ ᠶᠢ ᠪᠠᠶᠢᠭᠤᠯᠵᠤ᠂ ︽ᠤᠳᠠᠭᠠᠨ ᠳᠠᠭᠠᠭᠠᠮᠠᠭᠠᠢ ᠳᠠᠶᠢᠨ︾ ᠢ ᠰᠠᠶᠢᠲᠤᠷ ᠬᠢᠬᠦ ᠬᠡᠷᠡᠭᠲᠡᠢ | ᠲᠣᠭᠲᠠᠮᠠᠯ ᠬᠤᠭᠤᠴᠠᠭ᠎ᠠ ᠲᠠᠢ ᠪᠠᠷ ᠲᠣᠭᠤᠷᠢᠨ ᠪᠠᠶᠢᠴᠠᠭᠠᠬᠤ ᠳᠦᠷᠢᠮ ᠢ ᠪᠠᠶᠢᠭᠤᠯᠵᠤ᠂ ᠲᠤᠰᠬᠠᠢ ᠬᠥᠮᠥᠨ ᠲᠣᠬᠢᠷᠠᠭᠤᠯᠤᠨ ᠤᠰᠤᠲᠤᠯ ᠢ ᠵᠠᠯᠠᠬᠤ ᠭᠤᠸ | ᠰᠤᠪᠠᠭ ᠤᠨ ᠡᠳᠦᠷ ᠲᠤᠲᠤᠮ ᠤᠨ ᠲᠣᠭᠤᠷᠢᠨ ᠪᠠᠶᠢᠴᠠᠭᠠᠬᠤ ᠶᠢ ᠬᠠᠷᠢᠭᠤᠴᠠᠭᠤᠯᠵᠤ᠂ ᠭᠤᠸ ᠰᠤᠪᠠᠭ ᠤᠨ ᠬᠤᠷᠠᠵᠤ ᠲᠤᠨᠤᠭᠰᠠᠨ᠂ ᠡᠪᠳᠡᠷᠡᠵᠦ ᠰᠦᠢᠳᠦᠭᠰᠡᠨ ᠵᠡᠷᠭᠡ | ᠪᠠᠶᠢᠳᠠᠯ ᠢ ᠨᠢᠭᠲᠠ ᠠᠩᠬᠠᠷᠴᠤ᠂ ᠠᠰᠠᠭᠤᠳᠠᠯ ᠲᠠᠢ ᠪᠣᠯ ᠡᠷᠲᠡ ᠢᠯᠡᠷᠡᠭᠦᠯᠵᠦ᠂ ᠡᠷᠲᠡ ᠰᠢᠢᠳᠪᠦᠷᠢᠯᠡᠬᠦ ᠬᠡᠷᠡᠭᠲᠡᠢ︔ ︽ᠲᠤᠭᠤᠷ ᠤᠨ ᠴᠡᠴᠡᠭ ᠳᠡᠯᠭᠡᠷᠡᠬᠦ ᠥᠶ᠎ᠡ ᠶᠢᠨ | ᠬᠠᠶᠢᠯ ᠥᠶᠡᠷ︾ ᠤᠨ ᠴᠠᠭ ᠬᠤᠭᠤᠴᠠᠭ᠎ᠠ ᠶᠢ ᠠᠮᠤᠷ ᠲᠦᠪᠰᠢᠨ ᠢᠶᠠᠷ ᠦᠩᠭᠡᠷᠡᠭᠡᠬᠦ ᠵᠢᠴᠢ ᠭᠤᠤ ᠰᠤᠪᠠᠭ ᠤᠨ ᠤᠷᠳᠤ ᠬᠤᠭᠤᠴᠠᠭᠠᠨ ᠤ ᠡᠷᠡᠭᠦᠯ ᠲᠣᠭᠲᠠᠭᠤᠨ | ᠪᠠᠶᠢᠳᠠᠯ ᠳᠤ ᠪᠠᠲᠤ ᠪᠠᠬᠢ ᠰᠠᠭᠤᠷᠢ ᠶᠢ ᠲᠠᠯᠪᠢᠵᠤ ᠥᠭᠭᠦᠨ᠎ᠡ᠃ |