1. ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠤᠤ ᠬᠢᠵᠦ ᠬᠡᠳᠦᠨ ᠤᠳᠠᠭ᠎ᠠ ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ | ᠪᠠᠶᠢᠭᠠᠳ ᠲᠠᠬᠢᠨ ᠴᠡᠪᠡᠷ ᠤᠰᠤ ᠪᠠᠷ ᠵᠠᠶᠢᠯᠪᠠᠯ ᠬᠠᠭ ᠨᠢ ᠠᠷᠢᠯᠤᠨ᠎ᠠ᠃ | 2. ᠨᠣᠶᠢᠷ ᠬᠤᠯᠵᠢᠳᠠᠭ ᠬᠥᠮᠥᠨ ᠤᠨᠲᠠᠬᠤ ᠠᠴᠠ ᠡᠮᠦᠨ᠎ᠡ ᠨᠢᠭᠡ ᠴᠣᠮᠣ ᠪᠤᠴᠠᠯᠭᠠᠵᠤ ᠬᠥᠷᠥᠭᠡᠭᠰᠡᠨ ᠤᠰᠤᠨ ᠳᠤ ᠨᠢᠭᠡ ᠬᠠᠯᠪᠠᠭ᠎ᠠ ᠼᠤᠤ ᠬᠢᠵᠦ | ᠤᠤᠭᠤᠪᠠᠯ ᠨᠣᠶᠢᠷ ᠢ ᠰᠠᠶᠢᠵᠢᠷᠠᠭᠤᠯᠤᠨ᠎ᠠ᠃ | 3. ᠳᠡᠷᠡ ᠳᠡᠭᠡᠷ᠎ᠡ ᠪᠠᠨ ᠲᠣᠷᠭᠠᠨ ᠠᠯᠴᠢᠭᠤᠷ ᠲᠠᠯᠪᠢᠵᠤ ᠤᠨᠲᠠᠪᠠᠯ᠂ ᠭᠡᠵᠢᠭᠡᠨ ᠤ ᠭᠡᠯᠪᠡᠷᠢ ᠬᠤᠪᠢᠷᠠᠬᠤ ᠶᠢ ᠰᠡᠷᠭᠡᠶᠢᠯᠡᠨ᠎ᠡ᠃ | 4. ᠬᠠᠳᠠᠭᠠᠭᠰᠠᠨ ᠵᠦᠷᠵᠢ ᠶᠢᠨ ᠬᠠᠯᠢᠰᠤ ᠶᠢ ᠰᠢᠲᠠᠭᠠᠪᠠᠯ ᠭᠡᠷ ᠤᠨ ᠳᠣᠲᠣᠷᠠᠬᠢ ᠦᠮᠡᠬᠡᠢ ᠦᠨᠦᠷ ᠢ ᠠᠷᠢᠯᠭᠠᠬᠤ ᠪᠠ ᠪᠠᠲᠠᠭᠠᠨ᠎ᠠ ᠶᠢ ᠴᠤ ᠦᠯᠳᠡᠵᠤ | ᠬᠥᠭᠡᠭᠡᠨ᠎ᠡ᠃ | 5. ᠬᠤᠭᠤᠯᠠᠨ ᠭᠡᠷ ᠤᠨ ᠱᠠᠯᠠᠨ ᠤ ᠲᠤᠰᠤᠨ ᠭᠬᠢᠷ ᠢ ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ ᠬᠢᠯᠪᠡᠷᠬᠠᠨ ᠵᠦᠯᠭᠦᠭᠳᠡᠳᠡᠭ᠃ | 6. ᠦᠰᠦᠯᠢᠭ ᠲᠤᠭᠤᠷ ᠢ ᠤᠬᠢᠶᠠᠬᠤ ᠳᠠᠭᠠᠨ ᠵᠢᠭᠠᠬᠠᠨ ᠳᠠᠪᠤᠰᠤ ᠬᠢᠵᠦ ᠲᠠᠬᠢᠨ ᠴᠡᠪᠡᠷ ᠤᠰᠤ ᠪᠠᠷ ᠤᠬᠢᠶᠠᠪᠠᠯ ᠦᠰᠦ ᠨᠢ ᠬᠢᠯᠪᠠᠷ ᠤᠨᠠᠳᠠᠭ᠃ | 7. ᠠᠷᠠᠰᠤᠨ ᠱᠠᠬᠠᠢ ᠶᠢᠨ ᠲᠣᠰᠣ ᠶᠢ ᠬᠡᠷᠡᠭᠯᠡᠬᠦ ᠦᠭᠡᠢ ᠤᠳᠠᠪᠠᠯ ᠬᠠᠲᠠᠭᠤᠷᠠᠳᠠᠭ᠂ ᠬᠡᠳᠦᠨ ᠲᠤᠰᠤᠯ ᠦᠨᠢᠶᠡᠨ ᠰᠦ ᠳᠤᠰᠤᠭᠠᠪᠠᠯ ᠱᠠᠬᠠᠢ ᠶᠢᠨ ᠲᠣᠰᠣ | ᠵᠥᠭᠡᠯᠡᠷᠡᠵᠦ ᠰᠢᠨ᠎ᠡ ᠲᠣᠰᠣ ᠲᠠᠢ ᠠᠳᠠᠯᠢ ᠪᠤᠯᠳᠠᠭ᠃ 8. ᠲᠣᠭᠤᠭᠠᠨ ᠭᠡᠷ ᠲᠠᠬᠢ ᠲᠣᠰᠣ ᠤᠳᠤᠭᠠᠨ ᠤ ᠦᠨᠦᠷ ᠠᠷᠢᠯᠬᠤ ᠦᠭᠡᠢ ᠪᠣᠯ ᠯᠠ ᠠᠰᠠᠭᠠᠪᠠᠯ ᠦᠨᠦᠷ ᠨᠢ | ᠳᠠᠷᠤᠶᠢᠬᠠᠨ ᠠᠷᠢᠯᠤᠨ᠎ᠠ᠃ | | | |