ᠰᠦᠨ ᠤ ᠦᠨᠢᠶᠡᠨ ᠳᠤ ᠦᠷᠭᠦᠯᠵᠢ ᠳᠤᠬᠢᠶᠠᠯᠳᠤᠬᠤ ᠬᠡᠮ ᠬᠢᠵᠢᠭ ᠢ ᠰᠡᠷᠭᠡᠶᠢᠯᠡᠨ ᠵᠠᠰᠠᠬᠤ ︵ᠨᠢᠭᠡ︶
ᠨᠡᠶᠢᠲᠡᠯᠡᠭᠰᠡᠨ ᠴᠠᠭ᠄
2020/4/13
    ᠤᠯᠠᠭᠠᠨ ᠬᠤᠭᠤᠯᠠᠢ ᠶᠢᠨ ᠲᠦᠭᠵᠢᠷᠡᠯ ᠤᠯᠠᠭᠠᠨ ᠬᠤᠭᠤᠯᠠᠢ ᠳᠤ ᠢᠳᠡᠰᠢ ᠪᠤᠶᠤ ᠪᠤᠰᠤᠳ ᠶᠠᠭᠤᠮ᠎ᠠ ᠤᠷᠤᠵᠤ ᠲᠦᠭᠵᠢᠵᠦ ᠪᠢᠲᠡᠭᠦᠷᠡᠭᠰᠡᠨ ᠢ ᠤᠯᠠᠭᠠᠨ ᠬᠤᠭᠤᠯᠠᠢ ᠶᠢᠨ ᠲᠦᠭᠵᠢᠷᠡᠯ ᠭᠡᠳᠡᠭ᠃      【 ᠡᠪᠡᠳᠴᠢᠨ ᠤ ᠰᠢᠯᠲᠡᠭᠠᠨ 】     ᠤᠯᠠᠭᠠᠨ ᠬᠤᠭᠤᠯᠠᠢ ᠶᠢᠨ ᠲᠦᠭᠵᠢᠷᠡᠯ ᠪᠤᠯ ᠭᠤᠤᠯᠳᠠᠭᠤ ᠢᠳᠡᠰᠢ ᠪᠤᠶᠤ ᠦᠭᠡᠷ᠎ᠡ ᠪᠤᠰᠤᠳ ᠶᠠᠭᠤᠮ᠎ᠠ ᠶᠢ ᠪᠦᠬᠦᠯᠢ ᠬᠠᠭ᠋ᠤᠯᠢ ᠪᠠᠷ ᠨᠢ ᠵᠠᠯᠭᠢᠭᠰᠠᠨ ᠠᠴᠠ ᠪᠤᠯᠤᠭᠰᠠᠨ ᠶᠤᠮ᠃ ᠲᠤᠬᠠᠶᠢᠯᠠᠪᠠᠯ ᠲᠦᠮᠦᠰᠦ᠂ ᠬᠤ᠋ ᠯᠤᠤᠪᠠᠩ᠂ ᠠᠮᠲᠠᠲᠤ ᠲᠦᠮᠦᠰᠦ ᠵᠡᠷᠭᠡ ᠲᠦᠮᠦᠰᠦᠯᠢᠭ ᠦᠨᠳᠦᠰᠦ ᠪᠤᠶᠤ ᠲᠦᠮᠦᠰᠦᠯᠢᠭ ᠡᠰᠢᠲᠦ ᠲᠡᠵᠢᠭᠡᠯ ᠪᠤᠷᠳᠤᠭ᠎ᠠ ᠶᠢ ᠵᠢᠵᠢᠭᠯᠡᠨ ᠬᠡᠷᠴᠢᠬᠦ ᠦᠭᠡᠢ ᠪᠠᠷ ᠲᠡᠵᠢᠭᠡᠬᠦ ᠪᠠ ᠳ᠋ᠸᠦᠪᠢᠩ ᠢ ᠵᠦᠭᠡᠯᠡᠷᠡᠲᠡᠯ᠎ᠡ ᠳᠡᠪᠲᠦᠭᠡᠬᠦ ᠦᠭᠡᠢ ᠪᠠᠷ ᠲᠡᠵᠢᠭᠡᠪᠡᠯ ᠠᠮᠠᠷᠬᠠᠨ ᠤᠯᠠᠭᠠᠨ ᠬᠤᠭᠤᠯᠠᠢ ᠶᠢᠨ ᠲᠦᠭᠵᠢᠷᠡᠯ ᠤᠯᠤᠨ᠎ᠠ᠃ ᠡᠭᠦᠨ ᠠᠴᠠ ᠭᠠᠳᠠᠨ᠎ᠠ ᠦᠯᠦᠰᠭᠦᠯᠡᠩ ᠦᠬᠡᠷ ᠲᠡᠵᠢᠭᠡᠯ ᠪᠤᠷᠳᠤᠭ᠎ᠠ ᠶᠢ ᠰᠠᠶᠢᠲᠤᠷ ᠵᠠᠵᠢᠯᠬᠤ ᠦᠭᠡᠢ ᠪᠠᠷ ᠪᠦᠬᠦᠯᠢ ᠬᠠᠭ᠋ᠤᠯᠢ ᠪᠠᠷ ᠵᠠᠯᠭᠢᠬᠤ ᠪᠤᠶᠤ ᠬᠠᠮᠢᠶᠠᠷᠤᠯᠲᠠ ᠨᠢ ᠠᠨᠠᠢ ᠪᠠ ᠰᠢᠮ᠎ᠡ ᠲᠡᠵᠢᠭᠡᠯ ᠨᠢ ᠬᠦᠷᠦᠯᠴᠡᠬᠦ ᠦᠭᠡᠢ ᠠᠴᠠ ᠪᠤᠯᠵᠤ ᠦᠬᠡᠷ ᠦᠪᠡᠷ ᠤᠨ ᠪᠡᠶ᠎ᠡ ᠳᠡᠭᠡᠷᠡᠬᠢ ᠦᠰᠦ ᠪᠠᠨ ᠳᠤᠯᠢᠶᠠᠬᠤ᠂ ᠡᠰᠡᠭᠦᠯ᠎ᠡ ᠦᠭᠡᠷ᠎ᠡ ᠪᠤᠰᠤᠳ ᠶᠠᠭᠤᠮ᠎ᠠ ᠶᠢ ᠵᠠᠯᠭᠢᠨ ᠤᠷᠤᠭᠤᠯᠪᠠᠯ ᠭᠦᠵᠡᠭᠡᠨ ᠳᠤᠨᠢ ᠠᠮᠠᠷᠬᠠᠨ ᠨᠢᠭᠡ ᠪᠦᠭᠡᠮ ᠪᠤᠯᠵᠤ ᠪᠦᠭᠡᠮᠨᠡᠷᠡᠨ᠎ᠡ᠂ ᠲᠡᠭᠡᠭᠡᠳ ᠦᠬᠡᠷ ᠬᠡᠪᠢᠬᠦ ᠦᠶ᠎ᠡ ᠳᠤ ᠤᠯᠠᠭᠠᠨ ᠬᠤᠭᠤᠯᠠᠢ ᠳᠤᠨᠢ ᠮᠠᠰᠢ ᠠᠮᠠᠷᠬᠠᠨ ᠲᠡᠭᠡᠭᠯᠡᠭᠳᠡᠨ ᠲᠦᠭᠵᠢᠷᠡᠳᠡᠭ᠃    【 ᠭᠤᠤᠯ ᠪᠤᠯᠬᠤ ᠰᠢᠨᠵᠢ ᠲᠡᠮᠳᠡᠭ 】     ᠦᠨᠢᠶ᠎ᠡ ᠦᠷᠭᠦᠯᠵᠢ ᠢᠳᠡᠰᠢᠯᠠᠵᠦ ᠪᠠᠶᠢᠬᠤ ᠳᠤᠮᠳᠠ ᠪᠠᠨ ᠭᠡᠨᠡᠳᠲᠡ ᠡᠪᠡᠳᠴᠢᠯᠡᠨ᠎ᠡ᠂ ᠲᠤᠬᠠᠶᠢᠯᠠᠪᠠᠯ ᠶᠠᠪᠤᠵᠤ ᠭᠢᠰᠭᠢᠬᠦ ᠨᠢ ᠲᠤᠭᠲᠠᠪᠤᠷᠢ ᠦᠭᠡᠢ ᠪᠤᠯᠬᠤ᠂ ᠲᠤᠯᠤᠭᠠᠢ ᠬᠦᠵᠦᠭᠦᠦ ᠪᠠᠨ ᠰᠤᠨᠢᠶᠠᠬᠤ᠂ ᠲᠤᠯᠤᠭᠠᠢ ᠪᠠᠨ ᠰᠡᠭᠰᠦᠷᠬᠦ᠂ ᠰᠢᠯᠦᠰᠦ ᠪᠠᠨ ᠭᠤᠭᠤᠵᠢᠭᠤᠯᠬᠤ᠂ ᠬᠤᠭᠤᠰᠤᠨ ᠢᠶᠠᠷ ᠵᠠᠵᠢᠯᠠᠬᠤ ᠵᠡᠷᠭᠡ ᠢᠯᠡᠷᠡᠯ ᠲᠠᠢ ᠶᠤᠮ᠃ ᠤᠯᠠᠭᠠᠨ ᠬᠤᠭᠤᠯᠠᠢ ᠶᠢᠨ ᠲᠦᠭᠵᠢᠷᠡᠯ ᠢ ᠤᠯᠠᠭᠠᠨ ᠬᠤᠭᠤᠯᠠᠢ ᠶᠢᠨ ᠳᠡᠭᠡᠷ᠎ᠡ ᠬᠡᠰᠡᠭ ᠲᠠᠬᠢ ᠲᠦᠭᠵᠢᠷᠡᠯ ᠪᠠ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠲᠠᠬᠢ ᠲᠦᠭᠵᠢᠷᠡᠯ ᠭᠡᠵᠦ ᠬᠤᠶᠠᠷ ᠬᠤᠪᠢᠶᠠᠳᠠᠭ᠃ ᠤᠯᠠᠭᠠᠨ ᠬᠤᠭᠤᠯᠠᠢ ᠶᠢᠨ ᠳᠠᠭᠡᠷ᠎ᠡ ᠬᠡᠰᠡᠭ ᠨᠢ ᠲᠦᠭᠵᠢᠷᠡᠪᠡᠯ ᠦᠬᠡᠷ ᠢᠳᠡᠰᠢᠯᠡᠬᠦ ᠪᠠᠨ ᠵᠤᠭᠰᠤᠨ᠎ᠠ᠂ ᠡᠨᠡ ᠦᠶ᠎ᠡ ᠳᠤ ᠬᠦᠵᠦᠭᠦᠨ ᠤ ᠵᠡᠭᠦᠨ ᠲᠠᠯ᠎ᠠ ᠳᠤᠨᠢ ᠲᠦᠭᠵᠢᠷᠡᠭᠰᠡᠨ ᠶᠠᠭᠤᠮ᠎ᠠ ᠨᠢ ᠤᠯᠵᠤ ᠬᠠᠷᠠᠭᠳᠠᠬᠤ ᠪᠤᠶᠤ ᠤᠯᠵᠤ ᠲᠡᠮᠲᠡᠷᠢᠭᠳᠡᠨ᠎ᠡ᠃ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠨᠢ ᠲᠦᠭᠵᠢᠷᠡᠪᠡᠯ ᠲᠦᠭᠵᠢᠷᠡᠭᠰᠡᠨ ᠬᠡᠰᠡᠭ ᠤᠨ ᠳᠡᠭᠡᠷ᠎ᠡ ᠨᠢ ᠰᠢᠯᠦᠰᠦ ᠳᠦᠭᠦᠷᠲᠡᠯ᠎ᠡ ᠬᠤᠷᠠᠵᠤ᠂ ᠤᠯᠠᠭᠠᠨ ᠬᠤᠭᠤᠯᠠᠢ ᠨᠢ ᠳᠠᠯᠠᠨ ᠶᠡᠬᠡᠳᠦᠭᠡᠳ ᠤᠯᠠᠭᠠᠨ ᠬᠤᠭᠤᠯᠠᠢ ᠶᠢᠨ ᠬᠠᠶᠢᠭᠤᠯ ᠨᠢ ᠲᠦᠭᠵᠢᠷᠡᠭᠰᠡᠨ ᠬᠡᠰᠡᠭ ᠲᠤ ᠰᠠᠭᠠᠲᠠᠭᠤᠯᠤᠭᠳᠠᠨ᠎ᠠ᠂ ᠡᠭᠦᠨ ᠠᠴᠠ ᠭᠠᠳᠠᠨ᠎ᠠ ᠭᠦᠵᠡᠭᠡ ᠳᠤᠨᠢ ᠪᠠᠰᠠ ᠬᠡᠢ ᠳᠦᠭᠦᠷᠦᠭᠰᠡᠨ ᠪᠠᠶᠢᠳᠠᠭ᠃   【 ᠡᠮᠨᠡᠨ ᠵᠠᠰᠠᠬᠤ ᠠᠷᠭ᠎ᠠ 】     ᠲᠦᠭᠵᠢᠷᠡᠭᠰᠡᠨ ᠶᠠᠭᠤᠮ᠎ᠠ ᠶᠢ ᠨᠢ ᠳᠠᠷᠤᠢ ᠲᠦᠷᠭᠡᠨ ᠠᠪᠴᠤ ᠭᠠᠷᠭᠠᠬᠤ ᠬᠡᠷᠡᠭᠲᠡᠢ᠃ ᠬᠡᠷᠪᠡ ᠭᠦᠵᠡᠭᠡ ᠳᠤᠨᠢ ᠬᠡᠢ ᠳᠦᠭᠦᠷᠦᠭᠰᠡᠨ ᠪᠤᠯ ᠭᠦᠵᠡᠭᠡ ᠶᠢ ᠨᠢ ᠵᠡᠭᠦᠯᠡᠬᠦ ᠵᠠᠰᠠᠯ ᠢᠶᠠᠷ ᠳᠠᠮᠵᠢᠨ ᠬᠡᠢ ᠶᠢ ᠨᠢ ᠠᠯᠭᠤᠷ ᠵᠶᠠᠷ ᠲᠠᠯᠪᠢᠨ᠎ᠠ᠃ ᠲᠦᠭᠵᠢᠷᠡᠭᠰᠡᠨ ᠶᠠᠭᠤᠮ᠎ᠠ ᠨᠢ ᠤᠯᠠᠭᠠᠨ ᠬᠤᠭᠤᠯᠠᠢ ᠶᠢᠨ ᠳᠡᠭᠡᠷ᠎ᠡ ᠬᠡᠰᠡᠭ ᠲᠤ ᠪᠠᠶᠢᠪᠠᠯ ᠠᠮᠠᠨ ᠬᠦᠨᠳᠡᠢ ᠪᠠᠷ ᠨᠢ ᠭᠠᠷᠭᠠᠨ ᠠᠪᠤᠨ᠎ᠠ᠃ ᠡᠭᠦᠨ ᠳᠤ ᠦᠨᠢᠶ᠎ᠡ ᠪᠠᠨ ᠰᠠᠶᠢᠲᠤᠷ ᠬᠦᠯᠢᠵᠦ ᠤᠶᠠᠭᠰᠠᠨ ᠤ ᠳᠠᠷᠠᠭ᠎ᠠ ᠨᠢᠭᠡ ᠬᠦᠮᠦᠨ ᠨᠢ ᠠᠮᠠ ᠶᠢ ᠨᠢ ᠠᠩᠭᠠᠶᠢᠯᠭᠠᠬᠤ ᠪᠠᠭᠠᠵᠢ ᠪᠠᠷ ᠠᠮᠠ ᠶᠢ ᠨᠢ ᠠᠩᠭᠠᠶᠢᠯᠭᠠᠭᠠᠳ ᠤᠷᠢᠳ ᠢᠶᠠᠷ ᠤᠯᠠᠭᠠᠨ ᠬᠤᠭᠤᠯᠠᠢ ᠳᠤᠨᠢ 100~200 ᠮᠢᠯᠢᠯᠢᠲ᠋ᠧᠷ ᠤᠨ ᠤᠷᠭᠤᠮᠠᠯ ᠤᠨ ᠲᠤᠰᠤ ᠴᠢᠳᠬᠤᠨ ᠤᠷᠤᠭᠤᠯᠤᠨ᠎ᠠ᠂ ᠲᠡᠭᠡᠭᠡᠳ ᠨᠦᠭᠦᠭᠡ ᠨᠢᠭᠡ ᠬᠦᠮᠦᠨ ᠨᠢ ᠦᠨᠢᠶ᠎ᠡ ᠶᠢᠨ ᠬᠤᠭᠤᠯᠠᠢ ᠳᠤ ᠲᠦᠭᠵᠢᠷᠡᠭᠰᠡᠨ ᠶᠠᠭᠤᠮ᠎ᠠ ᠶᠢ ᠪᠠᠭᠠᠯᠵᠤᠤᠷ ᠦᠭᠡᠳᠡ ᠲᠦᠯᠬᠢᠨ ᠤᠶᠢᠷᠠᠲᠤᠭᠤᠯᠤᠭᠠᠳ ᠭᠠᠷ ᠢᠶᠠᠷ ᠢᠶᠠᠨ ᠪᠤᠶᠤ ᠬᠠᠪᠴᠢᠭᠤᠷ ᠢᠶᠠᠷ ᠲᠠᠲᠠᠵᠤ ᠭᠠᠷᠭᠠᠪᠠᠯ ᠪᠤᠯᠴᠢᠬᠠᠨ᠎ᠠ᠃ ᠲᠦᠭᠵᠢᠷᠡᠭᠰᠡᠨ ᠶᠠᠭᠤᠮ᠎ᠠ ᠨᠢ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠲᠤ ᠪᠠᠶᠢᠪᠠᠯ᠂ ᠤᠷᠢᠳ ᠵᠶᠠᠷ ᠪᠤᠯᠴᠢᠩ ᠳᠤᠨᠢ ᠺᠢᠯᠤᠭ᠍ᠷᠡᠮ ᠪᠦᠷᠢ ᠪᠡᠶ᠎ᠡ ᠶᠢᠨ ᠬᠦᠨᠳᠦ ᠳᠤ 1 ᠮᠢᠯᠢᠭᠷᠡᠮ ᠤᠨ ᠡᠾᠯᠤᠷ ᠫᠷᠤᠮᠠᠽᠢᠨ ᠲᠠᠷᠢᠬᠤ ᠪᠤᠶᠤ ᠠᠷᠠᠰᠤᠨ ᠳᠤᠤᠷ᠎ᠠ ᠨᠢ 16~32 ᠮᠢᠯᠢᠭᠷᠡᠮ ᠤᠨ ᠬᠦᠬᠦᠷ ᠬᠦᠴᠢᠯ ᠤᠨ ᠠᠳ᠋ᠷᠤᠫᠢᠨ ᠲᠠᠷᠢᠬᠤ ᠶᠢᠨ ᠵᠡᠷᠭᠡ ᠪᠠᠷ ᠤᠯᠠᠭᠠᠨ ᠬᠤᠭᠤᠯᠠᠢ ᠳᠤᠨᠢ 200~300 ᠮᠢᠯᠢᠯᠢᠳ᠋ᠷ ᠤᠨ ᠤᠷᠭᠤᠮᠠᠯ ᠤᠨ ᠲᠤᠰᠤ ᠴᠢᠳᠬᠤᠨ᠎ᠠ᠂ ᠴᠢᠩᠬᠢᠭᠡᠳ ᠬᠤᠲᠤᠭᠤᠲᠤᠨ ᠬᠠᠶᠢᠭᠤᠯ ᠢᠶᠠᠷ ᠲᠦᠭᠵᠢᠷᠡᠭᠰᠡᠨ ᠶᠠᠭᠤᠮ᠎ᠠ ᠶᠢ ᠨᠢ ᠠᠯᠭᠤᠷ ᠢᠶᠠᠷ ᠭᠦᠵᠡᠭᠡᠨ ᠳᠤᠨᠢ ᠲᠦᠯᠬᠢᠨ ᠤᠷᠤᠭᠤᠯᠤᠨ᠎ᠠ᠃ ᠬᠡᠷᠪᠡ ᠳᠡᠭᠡᠷᠡᠬᠢ ᠵᠠᠰᠠᠯ ᠢᠶᠠᠷ ᠭᠠᠷᠭᠠᠨ ᠠᠪᠴᠤ ᠳᠡᠶᠢᠯᠬᠦ ᠦᠭᠡᠢ ᠪᠤᠯ ᠡᠷᠬᠡᠪᠰᠢ ᠮᠡᠰᠡ ᠵᠠᠰᠠᠯ ᠬᠢᠬᠦ ᠬᠡᠷᠡᠭᠲᠡᠢ᠂ ᠡᠭᠦᠨ ᠳᠤ ᠳᠠᠷᠤᠢ ᠭᠦᠵᠦᠭᠦᠨ ᠤ ᠬᠡᠰᠡᠭ ᠲᠠᠬᠢ ᠤᠯᠠᠭᠠᠨ ᠬᠤᠭᠤᠯᠠᠢ ᠶᠢ ᠨᠢ ᠬᠠᠭᠠᠯᠤᠭᠠᠳ ᠲᠦᠭᠵᠢᠷᠡᠭᠰᠡᠨ ᠶᠠᠭᠤᠮ᠎ᠠ ᠶᠢ ᠨᠢ ᠭᠠᠷᠭᠠᠨ ᠠᠪᠤᠪᠠᠯ ᠪᠤᠯᠴᠢᠬᠠᠨ᠎ᠠ᠃    【 ᠤᠷᠢᠳᠴᠢᠯᠠᠨ ᠰᠡᠷᠭᠡᠶᠢᠯᠡᠬᠦ ᠠᠷᠭ᠎ᠠ 】     ᠠᠷᠠᠴᠢᠯᠠᠨ ᠬᠠᠮᠢᠶᠠᠷᠤᠯᠲᠠ ᠪᠠᠨ ᠴᠢᠩᠭᠠᠳᠬᠠᠵᠤ᠂ ᠲᠦᠮᠦᠰᠦᠯᠢᠭ ᠦᠨᠳᠦᠰᠦ ᠪᠠ ᠲᠦᠮᠦᠰᠦᠯᠢᠭ ᠡᠰᠢᠲᠦ ᠲᠡᠵᠢᠭᠡᠯ ᠢ ᠵᠢᠵᠢᠭᠯᠡᠨ ᠬᠡᠷᠴᠢᠭᠡᠳ ᠲᠡᠵᠢᠭᠡᠬᠦ ᠪᠤᠶᠤ ᠪᠤᠭᠤᠷᠰᠤᠭ ᠤᠨ ᠲᠦᠷᠦᠯ ᠤᠨ ᠲᠡᠵᠢᠭᠡᠯ ᠢ ᠵᠦᠭᠡᠯᠡᠷᠡᠲᠡᠯ᠎ᠡ ᠳᠡᠪᠲᠦᠭᠡᠵᠦ ᠨᠢᠴᠠᠯᠤᠭᠠᠳ ᠲᠡᠵᠢᠭᠡᠬᠦ ᠬᠡᠷᠡᠭᠲᠡᠢ᠃ ᠦᠬᠡᠷ ᠤᠳ ᠨᠢ ᠲᠡᠵᠢᠭᠡᠯ ᠠᠴᠠ ᠪᠤᠰᠤᠳ ᠶᠠᠭᠤᠮ᠎ᠠ ᠢᠳᠡᠬᠦ ᠶᠢ ᠰᠡᠷᠭᠡᠶᠢᠯᠡᠬᠦ ᠬᠡᠷᠡᠭᠲᠡᠢ᠃ ᠲᠡᠵᠢᠭᠡᠯ ᠪᠤᠷᠳᠤᠭ᠎ᠠ ᠶᠢ ᠨᠢ ᠲᠤᠭᠲᠠᠭᠤᠨ ᠪᠠᠶᠢᠯᠭᠠᠵᠤ ᠬᠡᠨᠡᠳᠲᠡ ᠪᠠᠷ ᠬᠤᠪᠢᠷᠠᠭᠤᠯᠵᠤ ᠪᠤᠯᠬᠤ ᠦᠭᠡᠢ᠂ ᠢᠳᠡᠪᠦᠷᠢᠲᠡᠢ ᠲᠡᠵᠢᠭᠡᠯ ᠨᠦᠬᠦᠪᠦᠷᠢᠯᠡᠵᠦ ᠦᠭᠬᠦ ᠳᠡᠭᠡᠨ ᠬᠡᠮᠵᠢᠶ᠎ᠡ ᠶᠢ ᠨᠢ ᠠᠯᠭᠤᠷ ᠢᠶᠠᠷ ᠨᠡᠮᠡᠭᠳᠡᠭᠦᠯᠬᠦ ᠬᠡᠷᠡᠭᠲᠡᠢ᠂ ᠢᠳᠡᠰᠢᠨ ᠳᠤ ᠰᠢᠨᠤᠬᠤ ᠶᠢ ᠨᠢ ᠰᠡᠷᠭᠡᠶᠢᠯᠡᠪᠡᠯ ᠵᠤᠬᠢᠨ᠎ᠠ᠃    ︵ᠢᠷᠡᠯᠲᠡ᠄ ᠴᠧᠨ ᠪᠠᠭᠠᠲᠤᠷ᠂ ᠢ᠊ · ᠰᠤᠶᠤᠯᠲᠤ ᠨᠠᠷ ᠤᠨ ᠨᠠᠶᠢᠷᠠᠭᠤᠯᠤᠭᠰᠠᠨ ︽ᠰᠦᠨ ᠤ ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号