ᠲᠦᠯᠦᠭᠡᠯᠡᠭᠴᠢ ᠡᠷᠳᠡᠮᠳᠦ᠄ ᠭᠡᠷ ᠪᠦᠯᠢ ᠶᠢᠨ ᠬᠦᠮᠦᠵᠢᠯ ᠢ ᠴᠢᠬᠤᠯᠠᠴᠢᠯᠠᠨ ᠬᠡᠤᠬᠡᠳ ᠪᠠᠭᠠᠴᠤᠳ ᠤᠨ ᠰᠤᠷᠭᠠᠨ ᠬᠦᠮᠦᠵᠢᠯ ᠢ ᠴᠢᠩᠭᠠᠳᠬᠠᠪᠠᠯ ᠲᠠᠭᠠᠷᠠᠨ᠎ᠠ
ᠨᠡᠶᠢᠲᠡᠯᠡᠭᠰᠡᠨ ᠴᠠᠭ᠄
2021/3/9
     2021 ᠤᠨ ᠤ ︽ᠬᠤᠶᠠᠷ ᠬᠤᠷᠠᠯ︾ ᠤᠨ ᠬᠤᠭᠤᠴᠠᠭᠠᠨ ᠳᠤ᠂ ᠰᠤᠷᠪᠤᠯᠵᠢᠯᠬᠠᠴᠢ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠲᠦᠯᠦᠭᠡᠯᠡᠭᠴᠢ ᠮᠠᠯᠴᠢᠨ ᠡᠷᠳᠡᠮᠲᠦ ᠶᠢ ᠰᠤᠷᠪᠤᠯᠵᠢᠯᠠᠵᠠᠢ᠃ ᠠᠮᠢ ᠠᠬᠤᠢ ᠪᠠᠨ ᠬᠠᠮᠠᠭᠠᠯᠠᠵᠦ ᠮᠠᠯᠴᠢᠳ ᠤᠨ ᠤᠷᠤᠯᠭ᠎ᠠ ᠶᠢ ᠨᠡᠮᠡᠭᠳᠡᠭᠦᠯᠦᠨ᠂ ᠮᠠᠯᠴᠢᠳ ᠤᠨ ᠠᠮᠢᠳᠤᠷᠠᠯ ᠢ ᠴᠢᠨᠡᠭᠡᠯᠢᠭᠵᠢᠭᠦᠯᠦᠨ᠂ ᠮᠠᠯᠵᠢᠬᠤ ᠤᠷᠤᠨ ᠤ ᠪᠠᠭᠠᠴᠤᠳ ᠬᠡᠤᠬᠡᠳ ᠤᠨ ᠰᠤᠷᠭᠠᠨ ᠬᠦᠮᠦᠵᠢᠯ ᠬᠦᠷᠳᠡᠬᠦ ᠨᠦᠬᠦᠴᠡᠯ ᠪᠤᠯᠤᠮᠵᠢ ᠶᠢ ᠰᠠᠶᠢᠵᠢᠷᠠᠭᠤᠯᠬᠤ ᠪᠤᠯ ᠤᠳᠤᠬᠠᠨ ᠤ ᠮᠠᠯᠵᠢᠬᠤ ᠤᠷᠤᠨ ᠬᠦᠳᠡᠭᠡ ᠨᠤᠳᠤᠭ ᠲᠤ ᠲᠡᠯᠪᠢᠡᠡᠳᠠᠵᠦ ᠪᠠᠶᠢᠭ᠎ᠠ ᠴᠢᠬᠤᠯᠠ ᠠᠰᠠᠭᠤᠳᠠᠯ ᠮᠦᠨ᠃
    ᠤᠯᠠᠩᠬᠢ ᠰᠤᠮᠤᠨ ᠤ ᠰᠤᠷᠭᠠᠭᠤᠯᠢ ᠬᠠᠰᠤᠭᠳᠠᠭᠰᠠᠨ ᠠᠴᠠ ᠬᠤᠶᠢᠰᠢ ᠮᠠᠯᠴᠢᠳ ᠬᠡᠤᠬᠡᠳ ᠢᠶᠠᠨ
ᠰᠤᠷᠭᠠᠭᠤᠯᠢ ᠳᠤ ᠰᠠᠭᠤᠯᠭᠠᠬᠤ ᠶᠢᠨ ᠲᠦᠯᠦᠭᠡ ᠨᠢᠭᠡ ᠨᠢ ᠬᠤᠲᠠ ᠳᠤ ᠠᠮᠢᠳᠤᠷᠠᠵᠦ ᠨᠠᠭᠠᠰᠢ ᠴᠠᠭᠠᠰᠢ ᠵᠠᠮᠨᠠᠨ᠂ ᠭᠡᠷ ᠲᠦᠷᠢᠶᠡᠰᠦᠯᠡᠵᠦ᠂ ᠬᠡᠤᠬᠡᠳ ᠢᠶᠠᠨ ᠲᠤᠰᠴᠦ ᠬᠦᠷᠭᠡᠬᠦ ᠪᠤᠯᠤᠡᠡᠰᠠᠨ ᠠᠴᠠ ᠠᠷᠦ ᠭᠡᠷ ᠲᠤᠨᠢ ᠬᠦᠳᠡᠯᠮᠤᠷᠢ ᠬᠦᠴᠦ ᠲᠤᠳ᠋ᠬᠠᠳᠠᠨ ᠠᠮᠢᠳᠤᠷᠠᠯ ᠤᠨ ᠵᠠᠷᠤᠳᠠᠯ ᠶᠡᠬᠡᠳᠴᠦ ᠮᠠᠯᠴᠢᠳ ᠤᠨ ᠠᠮᠢᠳᠤᠷᠠᠯ ᠤᠨ ᠲᠠᠷᠤᠭᠠᠰᠦ ᠬᠦᠨᠳᠦᠷᠡᠵᠡᠢ᠃      ᠵᠠᠷᠢᠮ ᠨᠦᠭᠦᠴᠡᠯ ᠠᠨᠠᠢ ᠮᠠᠯᠴᠢᠳ ᠬᠡᠤᠬᠡᠳ ᠢᠶᠠᠨ ᠦᠯᠦ ᠲᠠᠨᠢᠬᠤ ᠠᠶᠢᠯ ᠳᠤ ᠵᠤᠭᠤᠰ ᠲᠦᠯᠦᠵᠦ ᠰᠠᠭᠤᠯᠭᠠᠨ ᠨᠠᠭᠠᠰᠢ ᠴᠠᠭᠠᠰᠢ ᠶᠠᠪᠤᠬᠤ ᠨᠢ ᠤᠯᠠᠳᠠᠵᠦ ᠪᠠᠶᠢᠨ᠎ᠠ᠃ ᠡᠨᠡ ᠨᠢ ᠬᠡᠤᠬᠡᠳ ᠤᠨ ᠰᠡᠳᠭᠢᠬᠦᠢ ᠳᠤ ᠤᠯᠠᠨ ᠲᠠᠯ᠎ᠠ ᠶᠢᠨ ᠮᠠᠭᠤ ᠨᠦᠯᠦᠭᠡ ᠦᠵᠡᠭᠦᠯᠵᠡᠢ᠃ ᠬᠡᠤᠬᠡᠳ ᠬᠠᠷ᠎ᠠ ᠪᠠᠭ᠎ᠠ ᠠᠴᠠ ᠪᠠᠨ ᠭᠡᠷ ᠪᠦᠯᠢ ᠶᠢᠨ ᠰᠤᠷᠭᠠᠨ ᠬᠦᠮᠦᠵᠢᠯ ᠤᠨ ᠴᠢᠬᠤᠯᠠ ᠤᠷᠴᠢᠨ ᠳᠤ ᠦᠰᠴᠦ ᠲᠤᠷᠨᠢᠬᠤ ᠬᠡᠷᠡᠭᠲᠡᠢ ᠪᠠᠶᠢᠳᠠᠯ᠎ᠠ ᠤᠳᠦ ᠬᠠᠷᠢᠨ ᠵᠠᠷᠢᠮ ᠮᠠᠯᠴᠢᠳ ᠤᠨ ᠬᠡᠤᠬᠡᠳ ᠰᠤᠷᠭᠠᠭᠤᠯᠢ ᠳᠤ ᠤᠷᠤᠮᠠᠭᠴᠠ ᠭᠡᠷ ᠪᠦᠯᠢ ᠶᠢᠨ ᠰᠤᠷᠭᠠᠨ ᠬᠦᠮᠦᠵᠢᠯ ᠠᠴᠠ ᠬᠤᠯᠠᠳᠠᠬᠤ ᠪᠤᠯᠵᠠᠢ᠃ᠵᠠᠷᠢᠮ ᠮᠠᠯᠴᠢᠳ ᠤᠨ ᠬᠡᠤᠬᠡᠳ ᠬᠠᠷ᠎ᠠ ᠪᠠᠭ᠎ᠠ ᠠᠴᠠ ᠠᠪᠤ ᠡᠵᠢ ᠠᠷᠦ ᠭᠡᠷ ᠠᠴᠠ ᠪᠠᠨ ᠰᠠᠯᠵᠦ ᠠᠶᠢᠯ ᠳᠤ ᠪᠤᠶᠦ ᠡᠪᠦᠭᠡ ᠡᠮᠡᠭᠡ ᠲᠠᠢ ᠪᠠᠨ ᠭᠡᠷ ᠲᠦᠷᠢᠶᠡᠰᠦᠯᠡᠨ ᠰᠤᠷᠭᠠᠭᠤᠯᠢ ᠳᠤ ᠰᠠᠭᠤᠳᠠᠭ ᠠᠴᠠ ᠡᠳᠡᠭᠡᠷ ᠬᠡᠤᠬᠡᠳ ᠲᠤ ᠭᠡᠷ ᠪᠦᠯᠢ ᠶᠢᠨ ᠰᠤᠷᠭᠠᠨ ᠬᠦᠮᠦᠵᠢᠯ ᠵᠠᠷᠢᠮ ᠲᠠᠯ᠎ᠠ ᠪᠠᠷ ᠲᠤᠳᠠᠭᠳᠠᠨ᠂ ᠬᠢᠴᠢᠶᠡᠯ ᠰᠤᠷᠤᠯᠭ᠎ᠠ ᠨᠢ ᠴᠦ ᠨᠦᠯᠦᠭᠡᠯᠡᠭᠳᠡᠵᠦ ᠪᠠᠶᠢᠨ᠎ᠠ᠃ ᠡᠨᠡ ᠪᠤᠯ ᠶᠡᠭᠡ ᠡᠷᠡᠰᠳᠡᠯ᠃ ᠬᠡᠤᠬᠡᠳ ᠤᠨ ᠰᠤᠷᠭᠠᠨ ᠬᠦᠮᠦᠵᠢᠯ ᠢ ᠵᠠᠪᠠᠯ ᠪᠠᠭ᠎ᠠ ᠠᠴᠠ ᠨᠢ ᠴᠢᠩᠭ᠎ᠠ ᠠᠳᠬᠤᠬᠤ ᠬᠡᠷᠡᠭᠲᠡᠢ᠃ ᠪᠠᠭ᠎ᠠ ᠨᠠᠰᠤᠨ ᠤ ᠬᠡᠤᠬᠡᠳ ᠲᠤ ᠭᠡᠷ ᠪᠦᠯᠢ ᠶᠢᠨ ᠰᠤᠷᠭᠠᠨ ᠬᠦᠮᠦᠵᠢᠯ ᠲᠤᠩ ᠴᠢᠬᠤᠯᠠ ᠪᠠᠶᠢᠳᠠᠭ ᠶᠤᠮ᠃      ᠪᠠᠶᠢᠭᠠᠯᠢ ᠤᠷᠴᠢᠨ ᠢᠶᠠᠨ ᠬᠠᠮᠠᠭᠠᠯᠠᠵᠦ᠂ ᠮᠠᠯ ᠠᠵᠦ ᠠᠬᠤᠢ ᠶᠢᠨ ᠠᠰᠢᠭ ᠤᠷᠤᠯᠭ᠎ᠠ ᠶᠢ ᠨᠡᠮᠡᠭᠳᠡᠭᠦᠯᠵᠦ᠂ ᠮᠠᠯᠴᠢᠳ ᠤᠨ ᠲᠠᠷᠤᠭᠠᠰᠦ ᠶᠢ ᠬᠦᠡᠭᠭᠡᠯᠡᠨ ᠠᠮᠢᠳᠤᠷᠠᠯ ᠢ ᠨᠢ ᠰᠠᠶᠢᠵᠢᠷᠠᠭᠤᠯᠬᠤ ᠨᠢ ᠴᠢᠬᠤᠯᠠ ᠠᠰᠠᠭᠤᠳᠠᠯ ᠪᠤᠯᠤᠭᠰᠠᠨ ᠢᠶᠠᠷ ᠪᠠᠷᠠᠬᠤ ᠦᠭᠡᠢ᠂ ᠮᠠᠯᠵᠢᠬᠤ ᠤᠷᠤᠨ ᠤ ᠪᠠᠭᠠᠴᠤᠳ ᠬᠡᠤᠬᠡᠳ ᠤᠨ ᠰᠤᠷᠭᠠᠨ ᠬᠦᠮᠦᠵᠢᠯ ᠬᠦᠷᠳᠡᠬᠦ ᠳᠤ ᠬᠦᠴᠢᠷ ᠪᠠᠶᠢᠭ᠎ᠠ ᠠᠰᠠᠭᠤᠳᠠᠯ ᠨᠢ ᠴᠦ ᠤᠳᠦ ᠨᠢᠭᠡᠨᠳᠡ ᠵᠠᠪᠠᠯ ᠰᠢᠢᠳᠪᠦᠷᠢᠯᠡᠬᠦ ᠴᠢᠬᠤᠯᠠᠳᠠᠢ ᠲᠤᠮᠦ ᠠᠰᠠᠭᠤᠳᠠᠯ ᠪᠤᠯᠤᠭᠠᠳ ᠪᠠᠶᠢᠨ᠎ᠠ᠃ ᠤᠯᠠᠩᠬᠢ ᠮᠠᠯᠴᠢᠳ ᠬᠡᠤᠬᠡᠳ ᠲᠡᠭᠡᠨ ᠶᠡᠭᠡ ᠪᠠᠯᠡ ᠤᠷᠤᠭᠤᠯᠤᠡᠡᠰᠠᠨ ᠴᠦ ᠦᠷ᠎ᠡ ᠳ᠋ᠦᠡᠭ ᠨᠢ ᠲᠡᠶᠢᠮᠦ ᠰᠠᠶᠢᠨ ᠪᠢᠰᠢ ᠪᠠᠶᠢᠨ᠎ᠠ᠃ ᠮᠠᠯᠵᠢᠬᠤ ᠤᠷᠤᠨ ᠤ ᠬᠡᠤᠬᠡᠳ ᠤᠨ ᠠᠵᠢᠯ ᠤᠯᠬᠤ ᠨᠤᠷᠮ᠎ᠠ ᠮᠠᠰᠢ ᠲᠤᠤᠷ᠎ᠠ ᠪᠠᠶᠢᠨ᠎ᠠ᠃     ᠡᠶᠢᠨ ᠬᠦ ᠲᠦᠯᠦᠭᠡᠯᠡᠭᠴᠢ ᠡᠷᠳᠡᠮᠳᠦ ᠡᠨᠡ ᠤᠳᠠᠭ᠎ᠠ ︽ᠤᠳᠤᠬᠢᠴᠢᠯᠠᠭᠰᠠᠨ ᠮᠠᠯᠵᠢᠬᠤ ᠤᠷᠤᠨ ᠢ ᠪᠦᠳᠦᠭᠡᠨ ᠪᠠᠶᠢᠭᠤᠯᠤᠨ᠂ ᠮᠠᠯ ᠠᠵᠤ ᠠᠬᠤᠢ ᠶᠢᠨ ᠠᠰᠢᠭ ᠤᠷᠤᠯᠭ᠎ᠠ ᠶᠢ ᠨᠡᠮᠡᠭᠳᠡᠭᠦᠯᠵᠦ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠦᠨ ᠠᠮᠢᠳᠤᠷᠠᠯ ᠤᠨ ᠡᠬᠦᠷᠭᠡ ᠲᠠᠷᠤᠭᠠᠰᠦ ᠶᠢ ᠨᠢ ᠦᠨᠡᠨ ᠬᠦ ᠬᠦᠡᠭᠭᠡᠯᠡᠶ᠎ᠠ ᠭᠡᠪᠡᠯ ᠮᠠᠯᠴᠢᠳ ᠤᠨ ᠦᠷ᠎ᠡ ᠬᠡᠤᠬᠡᠳ ᠲᠤ ᠴᠢᠨᠠᠷ ᠰᠠᠶᠢᠨ ᠰᠤᠷᠭᠠᠨ ᠬᠦᠮᠦᠵᠢᠯ ᠬᠦᠷᠳᠡᠭᠡᠬᠦ ᠠᠰᠠᠭᠤᠳᠠᠯ ᠢ ᠶᠠᠭᠠᠬᠢᠭᠰᠠᠨ ᠴᠦ ᠤᠮᠳᠤᠭᠠᠢᠢᠯᠠᠵᠦ ᠪᠤᠯᠬᠤ ᠦᠭᠡᠢ︾ ᠭᠡᠬᠦ ᠴᠢᠬᠤᠯᠠ ᠰᠠᠨᠠᠯ ᠢᠶᠠᠨ ᠲᠡᠪᠰᠢᠭᠦᠯᠵᠠᠢ᠃                                                    ᠰᠤᠷᠪᠤᠯᠵᠢᠯᠠᠭᠴᠢ᠄ ᠢᠷᠭᠤᠢ    
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号