EV71 ᠵᠢᠴᠢ ᠲᠡᠬᠦᠨ ᠠᠴᠠ ᠪᠣᠯᠣᠭᠰᠠᠨ ᠭᠠᠷ ᠬᠦᠯ ᠠᠮᠠ ᠶᠢᠨ ᠡᠪᠡᠳᠴᠢᠨ
ᠨᠡᠶᠢᠲᠡᠯᠡᠭᠰᠡᠨ ᠴᠠᠭ᠄
2018/5/28
    ᠭᠠᠷ ᠬᠦᠯ ᠠᠮᠠ ᠶᠢᠨ ᠡᠪᠡᠳᠴᠢᠨ     ᠭᠠᠷ ᠬᠦᠯ ᠠᠮᠠ ᠶᠢᠨ ᠡᠪᠡᠳᠴᠢᠨ ᠤ ᠸᠠᠺᠼᠢᠨ ᠵᠢᠴᠢ ᠸᠠᠺᠼᠢᠨ ᠤ ᠠᠮᠣᠷ ᠲᠦᠪᠰᠢᠨ ᠴᠢᠨᠠᠷ     ᠨᠢᠬᠡᠨᠳᠡ ᠵᠠᠬ᠎ᠠ ᠳᠤ ᠭᠠᠷᠬᠤ ᠵᠦᠪᠰᠢᠶᠡᠷᠡᠯ ᠢ ᠣᠯᠣᠭᠰᠠᠨ EV71 ᠬᠡᠯᠪᠡᠷᠢ ᠶᠢᠨ ᠭᠠᠷ ᠬᠦᠯ ᠠᠮᠠ ᠶᠢᠨ ᠡᠪᠡᠳᠴᠢᠨ ᠤ ᠸᠠᠺᠼᠢᠨ ᠪᠤᠯ ᠠᠮᠣᠷ ᠲᠦᠪᠰᠢᠨ ᠸᠠᠺᠼᠢᠨ ᠪᠣᠯᠣᠨ᠎ᠠ᠃ ᠡᠮᠴᠢᠯᠡᠬᠡᠨ ᠤ ᠲᠤᠭ᠎ᠠ ᠪᠠᠷᠢᠮᠲᠠ ᠳᠤ ᠢᠯᠡᠷᠡᠬᠦᠯᠦᠭᠰᠡᠨ ᠢᠶᠠᠷ᠂ ᠸᠠᠺᠼᠢᠨ ᠲᠠᠷᠢᠭᠰᠠᠨ ᠤ ᠳᠠᠷᠠᠭ᠎ᠠ ᠲᠠᠷᠢᠯᠭ᠎ᠠ ᠬᠢᠭᠰᠡᠨ ᠬᠡᠰᠡᠭ ᠲᠤ ᠣᠯᠠᠶᠢᠬᠤ᠂ ᠡᠪᠡᠷᠵᠢᠬᠦ᠂ ᠡᠪᠡᠳᠬᠦ᠂ ᠬᠠᠪᠣᠳᠬᠤ᠂ ᠵᠠᠭᠠᠳᠣᠨᠠᠬᠤ ᠵᠡᠷᠭᠡ ᠢᠯᠡᠷᠡᠯ ᠭᠠᠷᠣᠨ᠎ᠠ᠂ ᠢᠯᠡᠷᠡᠯ ᠢᠶᠠᠷ ᠬᠦᠩᠬᠡᠨ ᠰᠢᠭ ᠨᠢ 3 ᠡᠳᠦᠷ ᠢ ᠬᠡᠳᠦᠷᠡᠬᠦ ᠦᠭᠡᠢ ᠪᠠᠷ ᠠᠶᠠᠨᠳᠠᠭᠠᠨ ᠨᠠᠮᠳᠠᠨ᠎ᠠ᠃ ᠪᠦᠬᠦ ᠪᠡᠶ᠎ᠡ ᠶᠢᠨ ᠢᠯᠡᠷᠡᠯ ᠨᠢ ᠭᠤᠣᠯᠳᠠᠭᠤ ᠬᠠᠯᠠᠭᠤᠷᠠᠬᠤ᠂ ᠰᠠᠭᠤᠯᠭᠠᠬᠤ᠂ ᠢᠳᠡᠰᠢᠨ ᠤ ᠳᠣᠷᠠᠰᠢᠯ ᠦᠭᠡᠢ ᠪᠣᠯᠬᠤ᠂ ᠳᠣᠷ᠎ᠠ ᠪᠣᠯᠬᠢᠬᠤ᠂ ᠪᠦᠬᠡᠯᠵᠢᠬᠦ᠂ ᠤᠴᠠᠭᠠᠷᠯᠠᠬᠤ ᠵᠡᠷᠭᠡ ᠪᠠᠶᠢᠳᠠᠯ ᠭᠠᠷᠳᠠᠭ᠃ ᠬᠦᠨᠳᠦᠷᠦᠬᠡᠳ 3 ᠳᠡᠰ ᠠᠴᠠ ᠳᠡᠭᠡᠭᠰᠢ ᠳᠤ ᠬᠦᠷᠪᠡᠯ ᠬᠠᠯᠠᠭᠤᠷᠠᠬᠤ᠂ ᠰᠠᠭᠤᠯᠭᠠᠬᠤ᠂ ᠲᠤᠷ᠎ᠠ ᠪᠤᠯᠬᠢᠬᠤ᠂ ᠪᠦᠬᠡᠯᠵᠢᠬᠦ ᠢᠯᠡᠷᠡᠯ ᠭᠠᠷᠬᠤ ᠨᠤᠷᠮ᠎ᠠ ᠨᠢ ᠸᠠᠺᠼᠢᠨ ᠢ ᠲᠠᠷᠢᠭᠰᠠᠨ ᠪᠠ ᠲᠠᠷᠢᠬᠤ ᠠᠴᠠ ᠡᠮᠦᠨᠡᠬᠢ ᠶᠢ ᠬᠠᠷᠢᠴᠠᠭᠤᠯᠪᠠᠯ ᠵᠦᠷᠢᠶ᠎ᠠ ᠨᠢ ᠢᠯᠠᠷᠭᠡᠢ ᠪᠢᠰᠢ᠃                   ᠲᠤᠰ ᠸᠠᠺᠼᠢᠨ ᠢ ᠵᠠᠬ᠎ᠠ ᠳᠡᠯᠭᠡᠭᠦᠷ ᠲᠤ ᠭᠠᠷᠭᠠᠬᠤ ᠠᠴᠠ ᠡᠮᠦᠨ᠎ᠡ ᠵᠦᠪᠬᠡᠨ ᠭᠡᠳᠦᠨ ᠮᠢᠩᠭᠠᠨ ᠬᠦᠮᠦᠨ ᠳᠤ ᠡᠮᠴᠢᠯᠡᠬᠡᠨ ᠤ ᠲᠣᠷᠰᠢᠯᠲᠠ ᠬᠢᠵᠦ ᠠᠵᠢᠭᠯᠠᠭᠰᠠᠨ ᠲᠣᠯᠠ ᠲᠣᠰ ᠸᠠᠺᠼᠢᠨ ᠤ ᠬᠡᠪ ᠤᠨ ᠪᠣᠰᠣ ᠬᠤᠪᠣᠷ ᠲᠣᠬᠢᠶᠠᠯᠳᠣᠳᠠᠭ ᠢᠯᠡᠷᠡᠯ ᠢ ᠵᠠᠬ᠎ᠠ ᠳᠡᠯᠭᠡᠭᠦᠷ ᠤᠨ ᠪᠣᠳᠠᠳᠠᠢ ᠦᠢᠯᠡᠳᠦᠯᠭᠡ ᠶᠢᠨ ᠭᠡᠷᠡᠴᠢᠯᠠᠯᠳᠠ ᠪᠠᠷ ᠳᠠᠮᠵᠢᠨ ᠰᠠᠶ᠋ᠢ ᠤᠯᠵᠦ ᠮᠡᠳᠡᠨ᠎ᠡ᠃     ᠭᠠᠷ ᠬᠦᠯ ᠠᠮᠠ ᠶᠢᠨ ᠡᠪᠡᠳᠴᠢᠨ ᠤ  ᠸᠠᠺᠼᠢᠨ ᠤ ᠦᠯᠦ ᠬᠠᠯᠳᠠᠭᠠᠯᠲᠠ ᠶᠢᠨ ᠦᠷᠬᠦᠯᠵᠢᠯᠡᠬᠦ ᠴᠢᠨᠠᠷ    ᠲᠣᠰ ᠸᠠᠺᠼᠢᠨ ᠢ ᠰᠠᠶ᠋ᠢ ᠡᠬᠢᠯᠡᠨ ᠬᠡᠷᠡᠭᠯᠡᠵᠦ ᠪᠠᠶᠢᠬᠤ ᠣᠴᠢᠷ ᠠᠴᠠ ᠣᠳᠣᠬᠠᠨ ᠳᠤ ᠦᠯᠦ ᠬᠠᠯᠳᠠᠭᠠᠯᠲᠠ ᠶᠢᠨ ᠬᠦᠴᠦᠨ ᠪᠦᠬᠦᠢ ᠦᠷᠬᠦᠯᠵᠢᠯᠡᠬᠦ ᠴᠢᠨᠠᠷ ᠤᠨ ᠲᠣᠬᠠᠢ ᠰᠣᠳᠣᠯᠭᠠᠨ ᠤ ᠲᠤᠭ᠎ᠠ ᠪᠠᠷᠢᠮᠲᠠ ᠦᠭᠡᠢ ᠪᠠᠶᠢᠭᠰᠠᠭᠠᠷ᠃Ⅲ ᠬᠤᠭᠤᠴᠠᠭᠠᠨ ᠤ ᠡᠮᠴᠢᠯᠡᠬᠡᠨ ᠤ ᠲᠣᠷᠰᠢᠯᠲᠠ ᠬᠢᠭᠰᠡᠨ ᠡᠳᠡᠭᠡᠳ ᠢ ᠮᠦᠷᠳᠡᠨ ᠠᠵᠢᠭᠯᠠᠭᠰᠠᠨ ᠲᠡᠮᠳᠡᠭᠯᠡᠯ ᠢ ᠦᠨᠳᠦᠰᠦᠯᠡᠪᠡᠯ᠂ ᠸᠠᠺᠼᠢᠨ ᠤ ᠲᠠᠷᠢᠯᠭ᠎ᠠ ᠬᠢᠭᠰᠡᠨ ᠤ ᠳᠠᠷᠠᠭᠠᠬᠢ 26 ᠰᠠᠷ᠎ᠠ ᠳᠤ᠂ ᠦᠯᠦ ᠬᠠᠯᠳᠠᠭᠠᠯᠲᠠ ᠬᠢᠬᠡᠳᠦᠢ  ᠪᠠᠷ ᠳᠠᠭᠠᠭᠠᠭᠴᠢ ᠶᠢᠨ ᠴᠢᠨᠠᠷᠦ ᠲᠠᠢ ᠬᠠᠯᠳᠠᠪᠦᠷᠢᠯᠠᠮᠠᠳᠠᠭᠠᠢ ᠬᠦᠮᠦᠨ ᠤ ᠪᠡᠶ᠎ᠡ ᠳᠣᠳᠣᠷᠠᠬᠢ  ᠰᠠᠭᠠᠷᠮᠠᠭᠵᠢᠭᠤᠯᠬᠤ ᠲᠠᠭᠠᠭᠠᠭᠴᠢ ᠶᠢ ᠢᠨᠠᠷᠦ ᠪᠤᠯᠭᠠᠬᠤ ᠨᠤᠷᠮ᠎ᠠ ᠨᠢ 85.7% ᠳᠤ ᠬᠦᠷᠴᠦ᠂ GMT ᠨᠢ 1᠄ 27.6 ᠪᠣᠯᠵᠣ᠂ ᠮᠦᠨ ᠯᠡ ᠡᠬᠡᠯᠢᠯᠡᠭᠡ ᠶᠢᠨ ᠰᠣᠳᠣᠯᠭᠠᠨ ᠤ ᠣᠷᠣᠯᠠᠭᠤᠯᠬᠤ ᠦᠢᠯᠡᠳᠦᠯ ᠨᠢ  ︵1᠄ 6︶ ᠠᠴᠠ ᠦᠨᠳᠦᠷ ᠪᠠᠶᠢᠨ᠎ᠠ᠃
   ᠭᠠᠷ ᠬᠦᠯ ᠠᠮᠠ ᠶᠢᠨ ᠡᠪᠡᠳᠴᠢᠨ ᠤ ᠸᠠᠺᠼᠢᠨ ᠢ ᠬᠡᠷᠡᠭᠯᠡᠬᠦ ᠲᠣᠬᠠᠢ ᠰᠠᠨᠠᠭᠤᠯᠭ᠎ᠠ     ᠭᠠᠷ ᠬᠦᠯ ᠠᠮᠠ ᠶᠢᠨ ᠡᠪᠡᠳᠴᠢᠨ ᠤ ᠸᠠᠺᠼᠢᠨ     ︵ ᠨᠢᠬᠡ︶ ᠸᠠᠺᠼᠢᠨ ᠤ ᠲᠠᠷᠢᠯᠭ᠎ᠠ ᠬᠢᠬᠦ ᠳᠤ ᠵᠣᠬᠢᠴᠠᠬᠤ ᠬᠦᠮᠦᠰ    ᠤᠳᠤ ᠪᠠᠶᠢᠭ᠎ᠠ ᠲᠤᠭ᠎ᠠ ᠪᠠᠷᠢᠮᠲᠠ ᠶᠢ ᠦᠨᠳᠦᠰᠦᠯᠡᠪᠡᠯ᠂ EV71 ᠡᠬᠡ ᠶᠢᠨ ᠪᠡᠶ᠎ᠡ ᠠᠴᠠ ᠤᠯᠠᠮᠵᠢᠯᠠᠭᠰᠠᠨ ᠲᠠᠭᠠᠭᠠᠭᠴᠢ ᠶᠢᠨ ᠲᠦᠪᠰᠢᠨ ᠨᠢ ᠬᠡᠪᠡᠯᠢ ᠠᠴᠠ ᠭᠠᠷᠣᠭᠰᠠᠨ ᠤ ᠳᠠᠷᠠᠭ᠎ᠠ ᠠᠭᠠᠵᠢᠮ ᠢᠶᠠᠷ ᠪᠠᠭᠤᠷᠠᠨ᠎ᠠ᠂ 5 — 11 ᠰᠠᠷ᠎ᠠ ᠪᠤᠯᠤᠭᠰᠠᠨ ᠨᠢᠯᠬ᠎ᠠ ᠬᠡᠣᠬᠡᠳ ᠤᠨ ᠲᠠᠭᠠᠭᠠᠭᠴᠢ ᠶᠢᠨ ᠲᠦᠪᠰᠢᠨ ᠨᠢ ᠬᠠᠮᠤᠭ ᠳᠣᠣᠷ᠎ᠠ  ᠂ ᠬᠠᠷᠢᠨ ᠡᠪᠡᠳᠴᠢᠯᠡᠬᠦ ᠨᠣᠷᠮ᠎ᠠ ᠨᠢ ᠬᠠᠮᠤᠭ ᠦᠨᠳᠦᠷ  ᠪᠤᠯᠬᠤ ᠬᠤᠭᠤᠴᠠᠭ᠎ᠠ ᠨᠢ ᠳᠠᠷᠣᠢ 6 ᠰᠠᠷ᠎ᠠ ᠲᠠᠢ ᠬᠡᠣᠬᠡᠳ — 2 ᠨᠠᠰᠣ ᠲᠠᠢ ᠬᠡᠣᠬᠡᠳ ᠪᠣᠯᠣᠨ᠎ᠠ᠃ ᠡᠶᠢᠮᠦ ᠠᠴᠠ ᠬᠡᠣᠬᠡᠳ ᠢ 6 ᠰᠠᠷ᠎ᠠ ᠲᠠᠢ ᠦᠶ᠎ᠠ ᠠᠴᠠ ᠡᠬᠢᠯᠡᠨ ᠸᠠᠺᠼᠢᠨ ᠤ ᠲᠠᠷᠢᠯᠭ᠎ᠠ ᠬᠢᠪᠡᠯ ᠬᠠᠯᠳᠠᠪᠣᠷᠢᠯᠠᠮᠠᠲᠠᠭᠠᠢ ᠬᠡᠣᠬᠡᠳ ᠢ ᠰᠠᠶᠢᠳᠣᠷ ᠬᠠᠮᠠᠭᠠᠯᠠᠵᠣ ᠴᠢᠳᠠᠨ᠎ᠠ᠃ 5 ᠨᠠᠰᠣ ᠠᠴᠠ ᠳᠡᠭᠡᠭᠰᠢᠬᠢ ᠬᠡᠣᠬᠡᠳ ᠪᠠ ᠨᠠᠰᠣᠨ ᠳᠤ ᠬᠦᠷᠦᠭᠰᠡᠳ ᠤᠨ ᠡᠪᠡᠳᠴᠢᠯᠡᠬᠦ ᠨᠣᠷᠮ᠎ᠠ ᠲᠣᠣᠷ᠎ᠠ ᠪᠣᠯᠬᠤᠷ᠂ ᠲᠠᠭᠠᠮᠠᠭᠯᠠᠯᠲᠠ ᠪᠠᠷ᠂ 5 ᠨᠠᠰᠣᠨ ᠠᠴᠠ ᠳᠡᠭᠡᠭᠰᠢᠬᠢ ᠬᠦᠮᠦᠰ ᠲᠤ EV71 ᠬᠡᠯᠪᠡᠷᠢ ᠶᠢᠨ ᠭᠠᠯ ᠬᠦᠯ ᠠᠮᠠ ᠶᠢᠨ ᠡᠪᠡᠳᠴᠢᠨ ᠤ ᠸᠠᠺᠼᠢᠨ ᠢ ᠬᠡᠷᠡᠭᠯᠡᠬᠦ ᠳᠤ ᠶᠠᠮᠠᠷᠪᠠ ᠬᠤᠪᠢ ᠬᠦᠮᠦᠨ ᠡᠰᠡᠬᠦᠯ᠎ᠡ ᠬᠠᠮᠳᠤᠯᠢᠭ ᠲᠤ ᠣᠯᠠᠨ ᠨᠡᠶᠢᠲᠡ ᠶᠢᠨ ᠡᠷᠡᠬᠦᠯ ᠬᠠᠮᠠᠭᠠᠯᠠᠯ ᠤᠨ ᠠᠴᠢ ᠬᠤᠯᠪᠣᠭᠳᠠᠯ ᠢᠶᠠᠷ ᠪᠠᠷᠣᠭᠲᠠᠢ᠂ ᠦᠪᠡᠷ ᠤᠨ ᠦᠷᠳᠡᠭ ᠪᠠ ᠦᠷ᠎ᠡ ᠠᠰᠢᠭ ᠢᠶᠠᠷ  ᠴᠤ ᠳᠣᠣᠷ᠎ᠠ ᠪᠠᠶᠢᠳᠠᠭ᠃     ᠳᠡᠭᠡᠷ᠎ᠡ ᠳᠣᠷᠠᠳᠣᠭᠰᠠᠨ ᠢ ᠬᠤᠷᠢᠶᠠᠩᠭᠤᠶᠢᠯᠠᠪᠠᠯ᠂ ᠳᠣᠮᠳᠠᠳᠣ ᠣᠯᠣᠰ CDC ᠶᠢᠨ ︽ᠬᠡᠳᠡᠰᠦᠨ ᠤ 71 ᠬᠡᠯᠪᠡᠷᠢ ᠶᠢᠨ ᠸᠢᠷᠦ᠋ᠰ ᠢ ᠡᠰᠡᠷᠭᠦᠴᠡᠬᠦ ᠸᠠᠺᠼᠢᠨ ᠢ ᠬᠡᠷᠡᠭᠯᠡᠬᠦ ᠮᠡᠷᠭᠡᠵᠢᠯ ᠤᠨ ᠵᠦᠭᠯᠡᠬᠦᠷ︾ ᠲᠤ 6 ᠰᠠᠷ᠎ᠠ ᠲᠠᠢ ᠪᠣᠶᠣ 6 ᠰᠠᠷ᠎ᠠ ᠠᠴᠠ ᠳᠡᠭᠡᠭᠰᠢ ᠨᠠᠰᠤᠨ ᠤ ᠬᠠᠯᠳᠠᠪᠣᠷᠢᠯᠠᠮᠠᠲᠠᠭᠠᠢ ᠬᠡᠣᠬᠡᠳ ᠲᠤ ᠡᠬᠢᠯᠡᠨ ᠲᠠᠷᠢᠯᠭ᠎ᠠ ᠬᠢᠬᠦ ᠪᠦᠭᠡᠳ ᠭᠡᠳᠦᠢ ᠡᠷᠳᠡ ᠲᠠᠷᠢᠪᠠᠯ ᠲᠡᠳᠦᠢ ᠰᠠᠶᠢᠨ ᠬᠡᠵᠦ ᠰᠠᠨᠠᠭᠠᠴᠢᠯᠠᠪᠠ︔ ᠬᠡᠣᠬᠡᠳ ᠢ 12 ᠰᠠᠷ᠎ᠠ ᠪᠣᠯᠬᠤ ᠠᠴᠠ ᠨᠢ ᠡᠮᠦᠨ᠎ᠡ ᠦᠯᠦ ᠬᠠᠯᠳᠠᠭᠠᠯᠲᠠ ᠶᠢᠨ ᠲᠠᠷᠢᠯᠭ᠎ᠠ ᠬᠢᠪᠡᠯ ᠡᠷᠳᠡᠭᠡᠨ ᠬᠠᠮᠠᠭᠠᠯᠠᠬᠤ ᠦᠢᠯᠡᠳᠦᠯ ᠭᠠᠷᠭᠠᠳᠠᠭ᠃ 5 ᠨᠠᠰᠣᠨ  ᠠᠴᠠ ᠳᠡᠭᠡᠭᠰᠢᠬᠢ ᠬᠡᠣᠬᠡᠳ ᠲᠤ ᠲᠠᠷᠢᠯᠭ᠎ᠠ ᠬᠢᠬᠦ ᠶᠢ ᠱᠠᠭᠠᠷᠳᠠᠬᠤ ᠦᠭᠡᠢ᠃ ᠬᠡᠷᠪᠡ ᠬᠤᠶᠢᠰᠢᠲᠠ ᠳᠠᠬᠤᠯ ᠡᠪᠡᠳᠴᠢᠨ ᠤ ᠰᠣᠳᠣᠯᠣᠯ ᠤᠨ ᠤᠴᠠᠯᠢᠭ   ᠲᠤ ᠬᠤᠪᠢᠷᠠᠯᠲᠠ ᠭᠠᠷᠴᠦ᠂ ᠲᠣᠮᠣ ᠬᠡᠣᠬᠡᠳ ᠤᠨ ᠳᠣᠮᠳᠠ ᠭᠠᠷ ᠬᠦᠯ ᠠᠮᠠ ᠶᠢᠨ ᠡᠪᠡᠳᠴᠢᠨ ᠡᠬᠦᠰᠬᠦ ᠨᠣᠷᠮ᠎ᠠ ᠨᠢ ᠳᠡᠭᠡᠭᠰᠢᠯᠡᠬᠦ ᠬᠠᠨᠳᠣᠰᠢ ᠲᠠᠢ ᠪᠣᠯ ᠰᠢᠨᠵᠢᠯᠡᠬᠦ ᠣᠬᠠᠭᠠᠨᠴᠢ ᠪᠠᠷ ᠦᠨᠡᠯᠡᠨ ᠵᠢᠱᠢᠭᠰᠡᠨ ᠤ ᠳᠠᠷᠠᠭ᠎ᠠ ᠸᠠᠺᠼᠢᠨ ᠲᠠᠷᠢᠬᠤ ᠡᠳᠡᠬᠡᠳ ᠢ ᠳᠠᠬᠢᠨ ᠦᠨᠡᠯᠡᠨ ᠵᠢᠱᠢᠬᠦ ᠪᠠ ᠲᠣᠬᠢᠷᠠᠭᠤᠯᠵᠣ ᠪᠣᠯᠣᠨ᠎ᠠ᠃    ᠠᠳᠠᠯᠢ ᠪᠣᠰᠣ ᠦᠢᠯᠡᠳᠪᠦᠷᠢ ᠠᠴᠠ ᠭᠠᠷᠣᠭᠰᠠᠨ ᠸᠠᠺᠼᠢᠨ ᠢ ᠶᠠᠮᠠᠷ ᠨᠠᠰᠣᠨ ᠤ ᠬᠡᠣᠬᠡᠳ ᠲᠤ ᠲᠠᠷᠢᠵᠣ ᠪᠣᠯᠬᠤ ᠡᠰᠡᠬᠦ ᠶᠢ ᠦᠢᠯᠡᠳᠬᠦᠨ ᠤ ᠬᠠᠷᠠᠭᠠᠯᠵᠠᠭᠰᠠᠨ ᠲᠣᠳᠣᠷᠬᠠᠶᠢᠯᠠᠯᠲᠠ ᠪᠠᠷ ᠨᠢ ᠯᠠᠪᠯᠠᠯᠲᠠ ᠪᠤᠯᠭᠠᠬᠤ ᠭᠡᠷᠡᠭᠳᠡᠢ᠃     ︵ᠬᠤᠶᠠᠷ︶ ᠲᠠᠷᠢᠯᠭ᠎ᠠ ᠬᠢᠬᠦ  ᠲᠠᠰ ᠲᠠᠷᠠᠭ᠎ᠠ     EV71 ᠬᠡᠯᠪᠡᠷᠢ ᠶᠢᠨ ᠭᠠᠷ ᠬᠦᠯ ᠠᠮᠠ ᠶᠢᠨ ᠡᠪᠡᠳᠴᠢᠨ ᠤ ᠸᠠᠺᠼᠢᠨ ᠢ ᠲᠠᠷᠢᠬᠤ    ᠬᠠᠮᠤᠭ ᠠᠩᠬᠠᠨ ᠤ ᠦᠯᠦ ᠬᠠᠯᠳᠠᠭᠠᠯᠲᠠ ᠳᠤ 2 ᠣᠳᠠᠭ᠎ᠠ ᠲᠠᠷᠢᠯᠭ᠎ᠠ ᠬᠢᠨ᠎ᠡ᠂ ᠬᠡᠬᠦ ᠳᠡᠭᠡᠨ 1 ᠰᠠᠷ᠎ᠠ ᠠᠯᠣᠰᠯᠠᠭᠠᠳ ᠨᠢᠬᠡ ᠣᠳᠠᠭ᠎ᠠ ᠲᠠᠷᠢᠯᠭ᠎ᠠ ᠬᠢᠨ᠎ᠡ᠃ ᠦᠯᠦ ᠬᠠᠯᠳᠠᠭᠠᠯᠲᠠ ᠶᠢ ᠪᠠᠳᠣᠳᠬᠠᠬᠤ ᠴᠢᠬᠤᠯᠠᠲᠠᠢ ᠡᠰᠡᠬᠦ ᠶᠢ ᠲᠦᠷ ᠲᠣᠭᠲᠠᠭᠠᠵᠣ ᠴᠢᠳᠠᠭᠠᠳᠣᠢ᠃     ︵ᠭᠤᠷᠪᠠ︶ᠲᠠᠷᠢᠯᠭ᠎ᠠ ᠬᠢᠬᠦ ᠠᠷᠭ᠎ᠠ ᠵᠢᠴᠢ ᠬᠡᠮᠵᠢᠶ᠎ᠡ     ᠠᠳᠬᠤᠭᠠᠯ ᠤᠨ ᠭᠤᠷᠪᠠᠯᠵᠢᠨ ᠪᠣᠯᠴᠢᠩ ᠳᠤ ᠲᠠᠷᠢᠯᠭ᠎ᠠ ᠬᠢᠨ᠎ᠡ᠃ ᠣᠳᠠᠭ᠎ᠠ ᠪᠦᠷᠢ 0.5ml ᠲᠠᠷᠢᠨ᠎ᠠ᠃     ︵ᠳᠦᠷᠪᠡ︶ᠲᠠᠷᠢᠯᠭ᠎ᠠ ᠬᠢᠬᠦ ᠳᠤ ᠴᠡᠭᠡᠷᠯᠡᠬᠦ ᠵᠦᠢᠯ    EV71 ᠬᠡᠯᠪᠡᠷᠢ ᠶᠢᠨ ᠭᠠᠷ ᠬᠦᠯ ᠠᠮᠠ ᠶᠢᠨ ᠡᠪᠡᠳᠴᠢᠨ ᠤ ᠸᠠᠺᠼᠢᠨ ᠤ ᠶᠠᠮᠠᠷ ᠨᠢᠬᠡᠨ ᠵᠦᠢᠯ ᠤᠨ ᠪᠦᠷᠢᠯᠳᠦᠭᠦᠨ ᠳᠤ ᠨᠢ ᠬᠠᠷᠰᠢᠬᠤ᠂ ᠬᠠᠯᠠᠭᠤᠷᠠᠬᠤ᠂ ᠬᠡᠨᠡᠳᠳᠡ ᠶᠢᠨ ᠴᠢᠨᠠᠷᠲᠠᠢ ᠴᠣᠴᠢᠮᠠᠭ ᠬᠡᠮ ᠲᠠᠢ ᠬᠦᠮᠦᠨ ᠵᠢᠴᠢ ᠣᠳᠠᠭᠠᠨ ᠴᠢᠨᠠᠷᠲᠠᠢ ᠡᠪᠡᠳᠴᠢᠨ ᠨᠢ ᠬᠡᠨᠡᠳᠳᠡ ᠬᠦᠳᠡᠯᠦᠭᠰᠡᠨ ᠡᠳᠡᠭᠡᠳ ᠲᠤ ᠲᠣᠰ ᠸᠠᠺᠼᠢᠨ ᠢ ᠬᠡᠷᠡᠭᠯᠡᠵᠦ ᠪᠣᠯᠬᠤ ᠦᠭᠡᠢ᠃     ᠬᠡᠷᠪᠡ ᠳᠣᠣᠷᠠᠬᠢ ᠮᠠᠳᠣ ᠪᠠᠶᠢᠳᠠᠯ ᠲᠠᠢ ᠪᠣᠯ ᠲᠣᠰ ᠸᠠᠺᠼᠢᠨ ᠢ ᠲᠠᠷᠢᠵᠣ ᠪᠣᠯᠬᠤ ᠡᠰᠡᠬᠦ ᠲᠣᠬᠠᠢ ᠰᠠᠶᠢᠳᠣᠷ ᠪᠣᠯᠭᠤᠮᠵᠢᠯᠠᠬᠤ ᠬᠡᠷᠡᠭᠲᠡᠢ᠄    1. ᠴᠢᠰᠣᠨ ᠢᠯᠳᠠᠰᠣ ᠴᠦᠬᠡᠷᠡᠭᠰᠡᠨ ᠬᠡᠮ ᠲᠠᠢ ᠪᠣᠶᠣ ᠴᠢᠰᠣ ᠭᠠᠷᠬᠤ ᠴᠢᠨᠠᠷᠳᠠᠢ ᠡᠪᠡᠳᠴᠢᠨ ᠲᠠᠢ ᠬᠦᠮᠦᠰ  ᠲᠤ ᠲᠣᠰ ᠸᠠᠺᠼᠢᠨ ᠢ ᠪᠣᠯᠴᠢᠩ ᠤᠨ ᠲᠠᠷᠢᠯᠭ᠎ᠠ ᠬᠢᠪᠡᠯ ᠲᠠᠷᠢᠭᠰᠠᠨ ᠭᠠᠵᠠᠷ ᠲᠤ ᠴᠢᠰᠣ ᠭᠠᠷᠬᠤ ᠠᠶᠣᠯ ᠲᠠᠢ᠃    2. ᠶᠠᠭ ᠰᠠᠶ᠋ᠢᠬᠠᠨ ᠦᠯᠦ ᠬᠠᠯᠳᠠᠭᠠᠬᠤ ᠴᠢᠳᠠᠪᠣᠷᠢ ᠳᠤᠨᠢ ᠰᠠᠭᠠᠳᠠᠭᠠᠯᠲᠠ ᠬᠢᠵᠦ ᠪᠠᠶᠢᠬᠤ ᠪᠣᠶᠣ ᠦᠯᠦ ᠬᠠᠯᠳᠠᠭᠠᠯᠲᠠ ᠶᠢᠨ ᠠᠵᠢᠯᠯᠠᠭ᠎ᠠ ᠮᠠᠭᠤᠳᠠᠭᠰᠠᠨ ᠡᠪᠡᠳᠴᠢᠳᠡᠨ ᠳᠤ ᠲᠣᠰ  ᠸᠠᠺᠼᠢᠨ ᠢ ᠲᠠᠷᠢᠭᠰᠠᠨ ᠴᠦ ᠦᠯᠦ ᠬᠠᠯᠳᠠᠭᠠᠯᠲᠠ ᠶᠢᠨ ᠦᠢᠯᠡᠳᠦᠯ ᠨᠢ ᠲᠡᠶᠢᠮᠦ ᠰᠠᠶᠢᠨ ᠪᠢᠰᠢ᠃ ᠡᠮᠨᠡᠵᠦ ᠪᠠᠷᠠᠭᠰᠠᠨ ᠤ ᠳᠠᠷᠠᠭ᠎ᠠ ᠲᠣᠰ ᠸᠠᠺᠼᠢᠨ ᠢ ᠲᠠᠷᠢᠪᠠᠯ ᠬᠠᠮᠤᠭ ᠰᠠᠶᠢᠨ ᠦᠷ᠎ᠡ ᠳ᠋ᠦᠩ ᠳᠤ ᠬᠦᠷᠴᠦ ᠴᠢᠳᠠᠨ᠎ᠠ᠂ ᠬᠡᠪᠡᠴᠦ ᠣᠳᠠᠭᠠᠨ ᠴᠢᠨᠠᠷᠲᠠᠢ ᠦᠯᠦ ᠬᠠᠯᠳᠠᠭᠠᠯᠲᠠ ᠶᠢᠨ ᠠᠵᠢᠯᠯᠠᠭ᠎ᠠ ᠮᠠᠭᠤᠳᠠᠭᠰᠠᠨ ᠡᠪᠡᠳᠴᠢᠳᠡᠨ ᠤ ᠣᠣᠯ ᠤᠨ ᠡᠪᠡᠳᠴᠢᠨ ᠬᠡᠮ ᠨᠢ ᠦᠯᠦ ᠬᠠᠯᠳᠠᠭᠠᠯᠲᠠ ᠶᠢᠨ ᠦᠢᠯᠡᠳᠦᠯ ᠳᠤ ᠬᠢᠵᠠᠭᠠᠷᠯᠠᠭᠳᠠᠬᠤ ᠪᠣᠯᠣᠯᠴᠠᠭ᠎ᠠ ᠲᠠᠢ ᠴᠦ ᠲᠣᠰ ᠸᠠᠺᠼᠢᠨ ᠤ ᠲᠠᠷᠢᠯᠭ᠎ᠠ ᠬᠢᠬᠦ  ᠶᠢ ᠰᠠᠨᠠᠭᠠᠴᠢᠯᠠᠬᠤ ᠬᠡᠷᠡᠭᠲᠡᠢ᠃    3. ᠣᠨᠠᠳᠠᠭ ᠡᠪᠡᠳᠴᠢᠨ ᠲᠠᠢ ᠬᠦᠮᠦᠰ ᠪᠠ ᠮᠡᠳᠡᠷᠡᠯ ᠤᠨ ᠰᠢᠰᠲ᠋ᠧᠮ ᠤᠨ ᠡᠪᠡᠳᠴᠢᠨ ᠬᠡᠮ ᠲᠠᠢ ᠬᠦᠮᠦᠰ ︵ᠵᠢᠱᠢᠶᠡᠯᠡᠪᠡᠯ ᠭᠧ ᠯᠢᠨ ᠪᠠ ᠯᠢ ᠨᠠᠶᠢᠯᠡᠭ ᠬᠡᠮ ᠵᠠᠷᠭᠡ︶ ᠲᠤ ᠲᠣᠰ  ᠸᠠᠺᠼᠢᠨ ᠢ ᠲᠠᠷᠢᠵᠣ ᠪᠣᠯᠬᠤ ᠡᠰᠡᠬᠦ ᠲᠣᠬᠠᠢ ᠰᠠᠶᠢᠳᠣᠷ ᠪᠣᠯᠭᠤᠮᠵᠢᠯᠠᠬᠤ ᠬᠡᠷᠡᠭᠲᠡᠢ᠃      ᠴᠡᠭᠡᠷᠯᠡᠬᠦ ᠪᠠ ᠪᠣᠯᠭᠤᠮᠵᠢᠯᠠᠬᠤ ᠵᠦᠢᠯ ᠢ ᠸᠠᠺᠼᠢᠨ ᠤ ᠦᠢᠯᠡᠳᠪᠦᠷᠢ ᠠᠴᠠ ᠭᠠᠷᠣᠭᠰᠠᠨ ᠬᠠᠷᠠᠭᠠᠯᠵᠠᠭᠰᠠᠨ ᠲᠣᠳᠣᠷᠬᠠᠶᠢᠯᠠᠯᠲᠠ ᠪᠠᠷ ᠯᠠᠪᠯᠠᠯᠲᠠ ᠪᠣᠯᠭᠠᠨ᠎ᠠ᠃     ︵ᠲᠠᠪᠤ︶ ᠠᠩᠬᠠᠷᠬᠤ ᠵᠦᠢᠯ ᠤᠳ᠄    1. ᠪᠣᠰᠣᠳ ᠸᠠᠺᠼᠢᠨ ᠲᠠᠢ ᠠᠳᠠᠯᠢ᠂ ᠸᠠᠺᠼᠢᠨ ᠤ ᠣᠨᠴᠠᠭᠠᠢ ᠴᠢᠨᠠᠷ ᠪᠣᠶᠣ ᠸᠠᠺᠼᠢᠨ ᠲᠠᠷᠢᠭᠴᠢ ᠶᠢᠨ ᠪᠣᠳᠠᠭᠠᠯᠢ ᠪᠡᠶ᠎ᠡ ᠶᠢᠨ ᠠᠳᠠᠯᠢ ᠪᠤᠰᠤ ᠠᠴᠠ ᠪᠣᠯᠵᠣ᠂ ᠲᠣᠰ ᠸᠠᠺᠼᠢᠨ ᠢ ᠲᠠᠷᠢᠭᠰᠠᠨ ᠪᠣᠯᠭᠠᠨ ᠳᠤ ᠴᠦᠮ 100%  ᠶᠢᠨ ᠬᠠᠮᠠᠭᠠᠯᠠᠬᠤ ᠦᠢᠯᠡᠳᠦᠯ ᠭᠠᠷᠬᠤ ᠦᠭᠡᠢ᠃    2. EV71 ᠸᠠᠺᠼᠢᠨ ᠨᠢ ᠪᠡᠶ᠎ᠡ ᠮᠠᠬᠠᠪᠣᠳ ᠲᠤ ᠰᠡᠳᠡᠯᠳᠡ ᠦᠭᠴᠦ EV71 ᠡᠪᠡᠳᠴᠢᠨ ᠤ ᠸᠢᠷᠦ᠋ᠰ ᠢ ᠡᠰᠡᠷᠬᠦᠴᠠᠬᠦ ᠦᠯᠦ ᠬᠠᠯᠳᠠᠭᠠᠬᠤ ᠴᠢᠳᠠᠪᠣᠷᠢ ᠶᠢ ᠪᠣᠢ ᠪᠣᠯᠭᠠᠵᠣ᠂ EV71 ᠶᠢᠨ ᠬᠠᠯᠳᠠᠪᠣᠷᠢᠯᠠᠯ ᠠᠴᠠ ᠪᠤᠯᠤᠭᠰᠠᠨ ᠭᠠᠷ ᠬᠦᠯ ᠠᠮᠠ ᠶᠢᠨ ᠡᠪᠡᠳᠴᠢᠨ ᠪᠠ ᠬᠠᠮᠢᠶ᠎ᠠ ᠪᠦᠬᠦᠢ ᠡᠪᠡᠳᠴᠢᠨ ᠢ ᠣᠷᠢᠳᠴᠢᠯᠠᠨ ᠰᠡᠷᠭᠡᠶᠢᠯᠡᠬᠦ ᠳᠤ ᠬᠡᠷᠡᠭᠯᠡᠵᠦ᠂ ᠪᠣᠰᠣᠳ ᠬᠡᠳᠡᠰᠦᠨ ᠤ ᠸᠢᠷᠦ᠋ᠰ ︵ᠠ ᠰᠠᠨ ᠴᠢ A ᠪᠦᠯᠦᠭ ᠤᠨ 16 ᠬᠡᠯᠪᠡᠷᠢ ᠵᠡᠷᠭᠡ ᠸᠢᠷᠦ᠋ᠰ ᠢ ᠪᠠᠭᠳᠠᠭᠠᠨ᠎ᠠ︶  ᠤᠨ ᠬᠠᠯᠳᠠᠪᠣᠷᠢᠯᠠᠯ ᠠᠴᠠ ᠪᠣᠯᠣᠭᠰᠠᠨ ᠭᠠᠷ ᠬᠦᠯ ᠠᠮᠠ ᠶᠢᠨ ᠡᠪᠡᠳᠴᠢᠨ ᠢ ᠣᠷᠢᠳᠴᠢᠯᠠᠨ ᠰᠡᠷᠭᠡᠶᠢᠯᠡᠵᠦ ᠴᠢᠳᠠᠬᠤ ᠦᠭᠡᠢ᠃    3. EV71 ᠸᠠᠺᠼᠢᠨ ᠢ ᠲᠠᠷᠢᠬᠤ ᠪᠠ ᠬᠦᠮᠦᠨ ᠤ ᠦᠯᠦ ᠬᠠᠯᠳᠠᠭᠠᠬᠤ ᠪᠦᠮᠪᠦᠬᠡᠨ ᠣᠭᠤᠷᠠᠭ ᠲᠠᠷᠢᠬᠤ ᠳᠤ ᠬᠦᠷᠪᠡᠯ ᠠᠳᠠᠭ ᠪᠠᠭ᠎ᠠ ᠳᠠᠭᠠᠨ 1 ᠰᠠᠷ᠎ᠠ ᠠᠴᠠ ᠳᠡᠭᠡᠭᠰᠢ ᠬᠤᠭᠤᠴᠠᠭ᠎ᠠ ᠠᠯᠣᠰᠯᠠᠵᠣ᠂ ᠦᠯᠦ ᠬᠠᠯᠳᠠᠭᠠᠯᠲᠠ ᠬᠢᠬᠦ ᠦᠷ᠎ᠡ ᠳ᠋ᠦᠩ ᠢ ᠨᠦᠯᠦᠭᠡᠯᠡᠬᠦ ᠠᠴᠠ ᠵᠠᠶᠢᠯᠠᠰᠬᠢᠬᠦ ᠬᠡᠷᠡᠭᠲᠡᠢ᠃     4. EV71 ᠸᠠᠺᠼᠢᠨ ᠢ 2 — 8 ᠭᠧᠷᠠᠳᠦ᠋ᠰ ᠤᠨ ᠨᠠᠷᠠ ᠳᠣᠰᠬᠤ ᠦᠭᠡᠢ ᠭᠠᠵᠠᠷ ᠲᠤ ᠬᠠᠳᠠᠭᠠᠯᠠᠬᠤ ᠪᠣᠶᠣ ᠵᠦᠭᠡᠭᠡᠪᠦᠷᠢᠯᠡᠨ᠎ᠡ᠂ ᠬᠦᠯᠳᠡᠭᠡᠬᠦ ᠶᠢ ᠡᠷᠡᠰ ᠴᠡᠭᠡᠷᠯᠡᠬᠦ ᠬᠡᠷᠡᠭᠲᠡᠢ᠃     5. ᠸᠠᠺᠼᠢᠨ ᠤ ᠯᠣᠩᠬᠤ ᠶᠢ ᠨᠡᠬᠡᠬᠡᠮᠡᠭᠴᠡ ᠳᠣᠣᠷ᠎ᠠ ᠨᠢ ᠬᠡᠷᠡᠭᠯᠡᠬᠦ ᠬᠡᠷᠡᠭᠲᠡᠢ᠃ ᠬᠡᠷᠡᠭᠯᠡᠬᠦ ᠳᠡᠭᠡᠨ ᠰᠠᠶᠢᠳᠣᠷ ᠬᠤᠳᠬᠤᠨ ᠨᠡᠶᠢᠯᠡᠬᠦᠯᠵᠦ᠂ ᠸᠠᠺᠼᠢᠨ ᠰᠠᠪᠠᠯᠠᠭᠰᠠᠨ ᠯᠣᠩᠬᠤ ᠨᠢ ᠠᠩ ᠴᠠᠪᠠ ᠲᠠᠢ᠂ ᠱᠤᠰᠢᠭ᠎ᠠ ᠨᠢ ᠲᠣᠳᠣ ᠦᠭᠡᠢ ᠪᠣᠶᠣ ᠸᠠᠺᠼᠢᠨ ᠤ ᠯᠣᠩᠬᠤᠨ ᠲᠣᠳᠣᠷ᠎ᠠ ᠣᠨᠳᠣᠣ ᠶᠠᠭᠤᠮ᠎ᠠ ᠬᠠᠷᠠᠭᠳᠠᠵᠣ ᠪᠠᠶᠢᠪᠠᠯ ᠣᠭᠲᠣ ᠬᠡᠷᠡᠭᠯᠡᠵᠦ ᠪᠣᠯᠬᠤ ᠦᠭᠡᠢ᠃ ᠸᠠᠺᠼᠢᠨ ᠤ ᠯᠣᠩᠬᠤ ᠶᠢ ᠨᠡᠬᠡᠬᠡᠳ ᠲᠠᠷᠢᠯᠭ᠎ᠠ ᠬᠢᠬᠦ ᠦᠶ᠎ᠡ ᠳᠤ᠂ ᠠᠷᠢᠭᠤᠳᠬᠠᠬᠤ ᠡᠮ ᠲᠠᠢ ᠬᠦᠷᠦᠯᠴᠡᠬᠦᠯᠵᠦ ᠣᠭᠳᠣ ᠪᠣᠯᠬᠤ ᠦᠭᠡᠢ᠃ ᠰᠣᠳᠠᠯ ᠢᠶᠠᠷ ᠲᠠᠷᠢᠬᠤ ᠶᠢ ᠡᠷᠡᠰ ᠴᠠᠭᠠᠵᠢᠯᠠᠬᠤ ᠬᠡᠷᠡᠭᠲᠡᠢ᠃     6. EV71 ᠸᠠᠺᠼᠢᠨ ᠢ ᠲᠠᠷᠢᠬᠤ ᠦᠶ᠎ᠡ ᠳᠤ ᠪᠦᠭᠡᠷ᠎ᠡ ᠶᠢᠨ ᠳᠡᠭᠡᠳᠦ ᠪᠣᠯᠴᠢᠷᠬᠠᠢ ᠶᠢᠨ ᠬᠤᠷᠮᠣᠨ ᠵᠡᠷᠭᠡ ᠡᠮᠲᠦ ᠪᠣᠳᠠᠰ ᠢ ᠪᠡᠯᠡᠳᠬᠡᠵᠦ᠂ ᠬᠡᠨᠡᠳᠳᠡ ᠶᠢᠨ ᠬᠠᠷᠴᠢᠮᠠᠳᠠᠭᠠᠢ ᠣᠷᠪᠠᠯ  ᠭᠠᠷᠬᠤ ᠪᠠᠴᠢᠮ ᠪᠠᠶᠢᠳᠠᠯ ᠢ ᠠᠷᠭᠠᠴᠠᠬᠤ  ᠳᠤ ᠪᠡᠯᠡᠬᠡᠨ ᠪᠣᠯᠭᠠᠬᠤ ᠬᠡᠷᠡᠭᠲᠡᠢ᠃      ᠭᠠᠷ ᠬᠦᠯ ᠠᠮᠠ ᠶᠢᠨ ᠡᠪᠡᠳᠴᠢᠨ ᠤ ᠸᠠᠺᠼᠢᠨ ︵ ᠵᠢᠷᠭᠤᠭ᠎ᠠ︶      ᠪᠣᠰᠣᠳ ᠬᠠᠮᠢᠶ᠎ᠠ ᠪᠦᠬᠦᠢ ᠠᠰᠠᠭᠤᠳᠠᠯ     1. ᠪᠣᠰᠣᠳ ᠸᠠᠺᠼᠢᠨ ᠲᠠᠢ ᠴᠤᠭ ᠲᠠᠷᠢᠬᠤ ᠳᠤ ᠠᠩᠬᠠᠷᠬᠤ ᠵᠦᠢᠯ     ᠡᠮᠴᠢᠯᠡᠬᠡᠨ ᠤ ᠲᠣᠷᠰᠢᠯᠲᠠ ᠬᠢᠵᠦ ᠪᠠᠶᠢᠬᠤ ᠬᠤᠭᠤᠴᠠᠭᠠᠨ ᠳᠤ᠂ EV71 ᠸᠠᠺᠼᠢᠨ ᠢ ᠪᠣᠰᠣᠳ ᠸᠠᠺᠼᠢᠨ  ᠲᠠᠢ ︵ᠣᠷᠢᠳ ᠬᠤᠵᠢᠳ ᠪᠣᠶᠣ ᠴᠤᠭ ᠲᠤᠨᠢ︶ ᠲᠠᠷᠢᠯᠭ᠎ᠠ ᠬᠢᠬᠦ ᠦᠶ᠎ᠡ ᠳᠤ ᠸᠠᠺᠼᠢᠨ ᠤ ᠦᠯᠦ ᠬᠠᠯᠳᠠᠭᠠᠯᠲᠠ  ᠶᠢᠨ ᠣᠭ ᠴᠢᠨᠠᠷ᠂ ᠠᠶᠣᠯᠬᠦᠢ ᠴᠢᠨᠠᠷ ᠨᠢ ᠬᠠᠷᠢᠯᠴᠠᠨ ᠬᠠᠷᠰᠢᠯᠳᠣᠨ ᠨᠦᠯᠦᠬᠡᠯᠡᠭᠳᠡᠬᠦ ᠡᠰᠡᠬᠦ ᠲᠣᠬᠠᠢ ᠰᠣᠳᠣᠯᠣᠯᠲᠠ ᠬᠢᠬᠡᠳᠦᠢ᠃ EV71 ᠸᠠᠺᠼᠢᠨ ᠬᠢᠬᠡᠳ ᠪᠣᠰᠣᠳ ᠸᠠᠺᠼᠢᠨ ᠢ ᠴᠤᠭ ᠢᠶᠠᠷ ᠲᠠᠷᠢᠯᠭ᠎ᠠ ᠬᠢᠭᠰᠡᠨ ᠬᠠᠮᠢᠶ᠎ᠠ ᠪᠦᠬᠦᠢ ᠲᠤᠭ᠎ᠠ ᠪᠠᠷᠢᠮᠲᠠ ᠦᠭᠡᠢ ᠪᠠᠶᠢᠭᠰᠠᠭᠠᠷ᠂ ᠡᠶᠢᠮᠦ ᠠᠴᠠ ᠣᠳᠣᠬᠠᠨ ᠳᠤ EV71 ᠸᠠᠺᠼᠢᠨ ᠢ ᠪᠣᠰᠣᠳ ᠸᠠᠺᠼᠢᠨ  ᠯᠤᠭ᠎ᠠ ᠴᠤᠭ ᠲᠠᠷᠢᠯᠭ᠎ᠠ ᠬᠢᠬᠦ ᠶᠢ ᠵᠦᠪᠰᠢᠶᠡᠷᠡᠬᠦ ᠦᠭᠡᠢ᠂ EV71 ᠸᠠᠺᠼᠢᠨ ᠪᠠ ᠣᠨᠳᠣᠣ ᠸᠠᠺᠼᠢᠨ ᠤ ᠲᠠᠷᠢᠯᠭ᠎ᠠ ᠬᠢᠬᠦ ᠳᠤ 2 ᠭᠠᠷᠠᠭ ᠠᠯᠣᠰᠯᠠᠨ ᠲᠠᠷᠢᠬᠤ ᠬᠡᠷᠡᠭᠲᠡᠢ᠃      2. ᠣᠨᠴᠠᠭᠠᠢ ᠬᠦᠮᠦᠰ ᠲᠤ ᠲᠠᠷᠢᠯᠭ᠎ᠠ ᠬᠢᠬᠦ ᠳᠤ ᠠᠩᠬᠠᠷᠬᠤ ᠵᠦᠢᠯ    ᠦᠯᠦ ᠬᠠᠯᠳᠠᠭᠠᠯᠲᠠ ᠶᠢᠨ ᠴᠢᠳᠠᠪᠣᠷᠢ ᠶᠢ ᠡᠮ ᠢᠶᠠᠷ ᠰᠠᠭᠠᠳᠠᠭᠠᠬᠤ ᠡᠮᠴᠢᠯᠡᠬᠡᠨ ᠢ ᠬᠢᠵᠦ ᠪᠠᠶᠢᠬᠤ ᠬᠡᠣᠬᠡᠳ ᠲᠤ ᠂ ᠦᠯᠦ ᠬᠠᠯᠳᠠᠭᠠᠯᠲᠠ ᠶᠢ ᠰᠠᠭᠠᠳᠠᠭᠠᠬᠤ ᠡᠮ᠂ ᠬᠢᠮᠢ ᠶᠢᠨ ᠵᠠᠰᠠᠯᠲᠠ ᠶᠢᠨ ᠡᠮ᠂ ᠪᠣᠳᠠᠰ ᠤᠨ ᠰᠣᠯᠢᠯᠴᠠᠭ᠎ᠠ ᠬᠢᠬᠦ  ᠶᠢ ᠡᠰᠡᠷᠭᠦᠴᠡᠬᠦ ᠡᠮ᠂ ᠰᠠᠴᠣᠷᠠᠭᠤᠯᠬᠤ ᠡᠮ᠂ ᠡᠰ ᠤᠨ ᠬᠤᠣᠷᠰᠣ ᠶᠢᠨ ᠲᠦᠷᠦᠯ ᠤᠨ ᠡᠮ᠂ ᠠᠷᠠᠰᠣᠯᠢᠭ ᠤᠨ ᠭᠤᠨᠠᠨ ᠡᠯᠺᠣᠣᠯ ᠤᠨ ᠲᠦᠷᠦᠯ ᠤᠨ ᠡᠮᠲᠦ ᠪᠣᠳᠠᠰ ᠵᠡᠷᠭᠡ ᠨᠢ ᠸᠠᠺᠼᠢᠨ ᠢ ᠲᠠᠷᠢᠭᠰᠠᠨ ᠤ ᠳᠠᠷᠠᠭ᠎ᠠ ᠪᠡᠶ᠎ᠡ ᠮᠠᠬᠠᠪᠣᠳ  ᠲᠤᠨᠢ ᠦᠯᠦ ᠬᠠᠯᠳᠠᠭᠠᠯᠲᠠ ᠬᠢᠬᠦ ᠳᠣᠰᠬᠠᠯ ᠢ ᠨᠦᠯᠦᠬᠡᠯᠡᠵᠦ ᠮᠡᠳᠡᠨ᠎ᠡ᠃ ᠡᠪᠡᠳᠴᠢᠨ ᠤ ᠦᠯᠦ ᠬᠠᠯᠳᠠᠭᠠᠯᠲᠠ ᠶᠢᠨ ᠴᠢᠳᠠᠮᠵᠢ ᠪᠠᠷ ᠳᠣᠳᠠᠮᠠᠭ ᠬᠡᠣᠬᠡᠳ ︵HIV ᠳᠤ ᠬᠠᠯᠳᠠᠪᠣᠷᠢᠯᠠᠭᠳᠠᠭᠰᠠᠨ ᠬᠡᠣᠬᠡᠳ ᠢ ᠪᠠᠭᠳᠠᠭᠠᠨ᠎ᠠ︶ ᠲᠤ EV71  ᠤᠨ ᠸᠠᠺᠼᠢᠨ ᠤ ᠲᠠᠷᠢᠯᠭ᠎ᠠ ᠬᠢᠬᠦ ᠦᠢᠯᠡᠳᠦᠯᠲᠦ ᠴᠢᠨᠠᠷ ᠪᠠ ᠠᠶᠣᠯᠬᠦᠢ ᠴᠢᠨᠠᠷ ᠤᠨ ᠲᠣᠬᠠᠢ ᠲᠤᠭ᠎ᠠ ᠪᠠᠷᠢᠮᠲᠠ ᠦᠭᠡᠢ ᠪᠠᠶᠢᠭᠰᠠᠭᠠᠷ᠂ ᠬᠡᠣᠬᠡᠳ ᠲᠤ EV71 ᠤᠨ ᠡᠪᠡᠳᠴᠢᠨ ᠤ ᠸᠢᠷᠦ᠋ᠰ ᠬᠠᠯᠳᠠᠪᠣᠷᠢᠯᠠᠭᠰᠠᠨ ᠲᠦᠭᠰᠢᠬᠦᠷᠢ ᠶᠢ ᠦᠨᠡᠯᠡᠨ ᠵᠢᠱᠢᠭᠰᠡᠨ ᠤ ᠳᠠᠷᠠᠭ᠎ᠠ ᠰᠠᠶ᠋ᠢ ᠲᠠᠷᠢᠯᠭ᠎ᠠ ᠬᠢᠬᠦ ᠡᠰᠡᠬᠦ ᠶᠢ ᠲᠣᠭᠲᠠᠭᠠᠬᠤ ᠬᠡᠷᠡᠭᠲᠡᠢ᠃     3. ᠠᠳᠠᠯᠢ ᠪᠣᠰᠣ ᠠᠵᠣ ᠠᠬᠤᠶᠢᠯᠠᠯ ᠤᠨ ᠦᠢᠯᠡᠳᠪᠦᠷᠢᠯᠡᠭᠰᠡᠨ ᠸᠠᠺᠼᠢᠨ ᠢ ᠲᠠᠷᠢᠬᠤ ᠳᠡᠰ ᠳᠠᠷᠠᠭᠠᠯᠠᠯ    ᠣᠳᠣᠬᠠᠨ ᠳᠤ ᠨᠢᠬᠡᠨᠳᠡ ᠵᠠᠬ᠎ᠠ ᠳᠤ ᠭᠠᠷᠣᠭᠰᠠᠨ ᠠᠵᠣ ᠠᠬᠤᠶᠢᠯᠠᠯ ᠤᠨ ᠦᠢᠯᠡᠳᠪᠦᠷᠢᠯᠡᠭᠰᠡᠨ EV71 ᠸᠠᠺᠼᠢᠨ ᠨᠢ ᠴᠦᠮ ᠬᠤᠶᠠᠷ ᠣᠳᠠᠭ᠎ᠠ ᠶᠢᠨ ᠲᠠᠷᠢᠯᠭ᠎ᠠ ᠬᠢᠬᠦ ᠳᠡᠰ ᠳᠠᠷᠠᠭᠠᠯᠠᠯ ᠲᠠᠢ ᠪᠠᠶᠢᠵᠣ᠂ ᠠᠳᠠᠯᠢ ᠪᠣᠰᠣ ᠠᠵᠣ ᠠᠬᠤᠶᠢᠯᠠᠯ ᠤᠨ ᠦᠢᠯᠡᠳᠪᠦᠷᠢᠯᠡᠭᠰᠡᠨ ᠸᠠᠺᠼᠢᠨ ᠢ ᠰᠣᠯᠢᠪᠴᠠᠯᠳᠣᠭᠤᠯᠣᠨ ᠲᠠᠷᠢᠯᠭ᠎ᠠ ᠬᠢᠭᠰᠡᠨ ᠤ ᠳᠠᠷᠠᠭ᠎ᠠ ᠦᠯᠦ ᠬᠠᠯᠳᠠᠭᠠᠯᠲᠠ ᠶᠢᠨ ᠣᠭ ᠴᠢᠨᠠᠷ᠂ ᠠᠶᠣᠯᠬᠦᠢ ᠴᠢᠨᠠᠷ ᠤᠨ ᠲᠣᠬᠠᠢ ᠰᠣᠳᠣᠯᠣᠯᠲᠠ ᠬᠢᠭᠰᠡᠨ ᠲᠤᠭ᠎ᠠ ᠪᠠᠷᠢᠮᠲᠠ ᠦᠭᠡᠢ ᠪᠠᠶᠢᠭᠰᠠᠭᠠᠷ᠃ ᠣᠳᠣᠬᠠᠨ ᠳᠤ ᠢᠵᠢᠯ ᠨᠢᠬᠡᠨ ᠠᠵᠣ ᠠᠬᠤᠶᠢᠯᠠᠯ ᠤᠨ ᠦᠢᠯᠡᠳᠪᠦᠷᠢᠯᠡᠭᠰᠡᠨ ᠸᠠᠺᠼᠢᠨ ᠢ ᠬᠤᠶᠠᠷ ᠣᠳᠠᠭ᠎ᠠ ᠲᠠᠷᠢᠯᠭ᠎ᠠ ᠬᠢᠵᠦ᠂ ᠢᠵᠢᠯ ᠪᠣᠰᠣ ᠠᠵᠣ ᠠᠬᠤᠶᠢᠯᠠᠯ ᠤᠨ ᠦᠢᠯᠡᠳᠪᠦᠷᠢᠯᠡᠭᠰᠡᠨ ᠸᠠᠺᠼᠢᠨ ᠢ ᠲᠦᠷ ᠲᠠᠷᠢᠯᠭ᠎ᠠ ᠬᠢᠬᠦ ᠳᠡᠰ ᠳᠠᠷᠠᠭᠠᠯᠠᠯ ᠳᠤ ᠣᠷᠣᠭᠤᠯᠬᠤ ᠦᠭᠡᠢ᠃     4. ᠡᠪᠡᠳᠴᠢᠨ ᠢᠯᠡᠷᠡᠭᠰᠡᠨ ᠤ ᠳᠠᠷᠠᠭ᠎ᠠ ᠣᠷᠢᠳᠴᠢᠯᠠᠨ ᠰᠡᠷᠭᠡᠶᠢᠯᠡᠬᠦ     ᠣᠳᠣᠬᠠᠨ ᠳᠤ᠂ ᠬᠡᠣᠬᠡᠳ ᠲᠤ EV71 ᠬᠠᠯᠳᠠᠪᠣᠷᠢᠯᠠᠭᠰᠠᠨ ᠤ ᠲᠠᠷᠠᠭ᠎ᠠ ᠲᠣᠰ ᠸᠠᠺᠼᠢᠨ ᠢ ᠪᠠᠴᠢᠮ ᠲᠠᠷᠢᠪᠠᠯ ᠡᠪᠡᠳᠴᠢᠨ ᠢ ᠰᠡᠷᠭᠡᠶᠢᠯᠡᠨ ᠬᠤᠷᠢᠭᠯᠠᠵᠣ ᠴᠢᠳᠠᠬᠤ ᠡᠰᠡᠬᠦ ᠲᠣᠬᠠᠢ ᠲᠤᠭ᠎ᠠ ᠪᠠᠷᠢᠮᠲᠠ ᠬᠠᠷᠠᠬᠠᠨ ᠦᠭᠡᠢ ᠪᠠᠶᠢᠭᠰᠠᠭᠠᠷ᠂ ᠮᠦᠨ ᠴᠦ ᠡᠪᠡᠳᠴᠢᠨ ᠬᠡᠮ ᠬᠡᠨᠡᠳᠳᠡ ᠳᠡᠯᠭᠡᠷᠡᠬᠦ ᠦᠶ᠎ᠡ ᠳᠤ ᠬᠠᠮᠳᠣᠯᠢᠭ ᠤᠨ ᠴᠢᠨᠠᠷᠲᠠᠢ ᠪᠠᠴᠢᠮ ᠪᠠᠶᠢᠳᠠᠯ ᠢ ᠠᠷᠭᠠᠴᠠᠬᠤ ᠲᠠᠷᠢᠯᠭ᠎ᠠ ᠬᠢᠭᠰᠡᠨ ᠦᠷ᠎ᠡ ᠳ᠋ᠦᠩ ᠤᠨ ᠨᠤᠳᠠᠯᠠᠯᠳᠠ ᠶᠢᠨ ᠲᠣᠬᠠᠢ ᠲᠤᠭ᠎ᠠ ᠪᠠᠷᠢᠮᠲᠠ ᠦᠭᠡᠢ ᠪᠠᠶᠢᠭᠰᠠᠭᠠᠷ᠃ ᠬᠡᠷᠪᠡ ᠬᠡᠣᠬᠡᠳ ᠲᠤ ᠡᠨᠡᠬᠦ ᠡᠪᠡᠳᠴᠢᠨ ᠬᠠᠯᠳᠠᠪᠣᠷᠢᠯᠠᠭᠰᠠᠨ ᠤ ᠳᠠᠷᠠᠭ᠎ᠠ᠂ ᠬᠡᠷ ᠤᠨ ᠠᠬᠠᠮᠠᠳ ᠠᠴᠠ EV71 ᠸᠠᠺᠼᠢᠨ ᠤ ᠲᠠᠷᠢᠯᠭ᠎ᠠ ᠬᠢᠬᠦ ᠰᠠᠨᠠᠭ᠎ᠠ ᠲᠠᠢ ᠪᠣᠯ᠂ ᠲᠡᠬᠦᠨ ᠳᠤ ᠲᠠᠷᠢᠯᠭ᠎ᠠ ᠬᠢᠭᠰᠡᠨ ᠤ ᠳᠠᠷᠠᠭᠠᠬᠢ ᠡᠪᠡᠳᠴᠢᠯᠡᠬᠦ ᠲᠦᠭᠰᠢᠬᠦᠷᠢ ᠪᠣᠶᠣ ᠡᠪᠡᠳᠴᠢᠨ ᠲᠠᠪᠬᠤᠷᠳᠠᠬᠤ ᠪᠣᠯᠣᠯᠴᠠᠭᠠᠳᠣ ᠴᠢᠨᠠᠷ ᠢ ᠡᠷᠬᠡᠪᠰᠢ ᠮᠡᠳᠡᠬᠦᠯᠬᠦ ᠬᠡᠷᠡᠭᠲᠡᠢ ᠃ ᠡᠶᠢᠮᠦ ᠠᠴᠠ ᠣᠳᠣᠬᠠᠨ ᠳᠤ᠂ ᠲᠣᠰ ᠸᠠᠺᠼᠢᠨ ᠢ ᠬᠠᠮᠳᠣᠯᠢᠭ ᠤᠨ ᠴᠢᠨᠠᠷᠲᠠᠢ ᠪᠠᠴᠢᠮ ᠪᠠᠶᠢᠳᠠᠯ ᠢ ᠠᠷᠭᠠᠴᠠᠬᠤ ᠲᠠᠷᠢᠯᠭ᠎ᠠ ᠬᠢᠬᠦ ᠶᠢ ᠰᠠᠨᠠᠭᠠᠴᠢᠯᠠᠬᠤ ᠶᠢᠨ ᠠᠷᠭ᠎ᠠ ᠦᠭᠡᠢ ᠪᠠᠶᠢᠭᠰᠠᠭᠠᠷ᠃      5. ᠣᠯᠠᠨ ᠨᠡᠶᠢᠲᠡ ᠶᠢᠨ ᠬᠠᠷᠢᠯᠴᠠᠭ᠎ᠠ ᠬᠢᠬᠡᠳ ᠮᠡᠳᠡᠭᠡ ᠵᠠᠩᠬᠢ ᠳᠠᠮᠵᠢᠭᠤᠯᠬᠤ     HFMD ᠪᠣᠯ ᠣᠯᠠᠨ ᠡᠪᠡᠳᠴᠢᠨ ᠠᠴᠠ ᠡᠬᠦᠰᠦᠭᠰᠡᠨ ᠡᠪᠡᠳᠴᠢᠨ ᠤ ᠶᠡᠷᠥᠩᠬᠡᠢ ᠰᠢᠨᠵᠢ ᠳᠡᠮᠳᠡᠭ ᠮᠦᠨ᠂ ᠬᠡᠪᠡᠴᠦ ᠬᠦᠨᠳᠦ ᠡᠪᠡᠳᠴᠢᠨ ᠲᠠᠢ HFMD ᠪᠠ ᠲᠡᠬᠦᠨ ᠠᠴᠠ ᠪᠣᠯᠣᠭᠰᠠᠨ ᠦᠬᠦᠯᠳᠡ ᠨᠢ ᠭᠤᠣᠯᠳᠠᠭᠤ EV71 ᠶᠢᠨ ᠬᠠᠯᠳᠠᠪᠣᠷᠢᠯᠠᠯ ᠠᠴᠠ ᠪᠣᠯᠵᠣ ᠡᠬᠦᠰᠦᠭᠰᠡᠨ ᠶᠣᠮ᠃ EV71 ᠸᠠᠺᠽᠢᠨ ᠨᠢ ᠵᠦᠪᠬᠡᠨ EV71  ᠶᠢᠨ ᠬᠠᠯᠳᠠᠪᠣᠷᠢᠯᠠᠯ ᠠᠴᠠ ᠡᠬᠦᠰᠦᠭᠰᠡᠨ HFMD ᠢ ᠰᠡᠷᠭᠡᠶᠢᠯᠡᠬᠦ ᠦᠢᠯᠡᠳᠦᠯ ᠲᠠᠢ᠂ CV—A16 ᠪᠣᠶᠣ ᠪᠣᠰᠣᠳ ᠬᠡᠯᠪᠡᠷᠢ ᠶᠢᠨ ᠬᠡᠳᠡᠰᠦᠨ ᠤ ᠸᠢᠷᠦ᠋ᠰ ᠠᠴᠠ ᠪᠣᠯᠵᠣ ᠡᠬᠦᠰᠦᠭᠰᠡᠨ HFMD ᠢ ᠰᠡᠷᠭᠡᠶᠢᠯᠡᠵᠦ ᠴᠢᠳᠠᠬᠤ ᠦᠭᠡᠢ᠃ ᠬᠡᠣᠬᠡᠳ ᠤᠨ ᠬᠢᠨᠠᠨ ᠬᠠᠮᠠᠭᠠᠯᠠᠭᠴᠢ ᠪᠠ ᠠᠷᠠᠳ ᠤᠯᠠᠨ ᠲᠠᠢ ᠬᠠᠷᠢᠯᠴᠠᠬᠤ ᠳᠠᠭᠠᠨ᠂ ᠡᠪᠡᠳᠴᠢᠨ ᠬᠢᠬᠡᠳ ᠸᠠᠺᠼᠢᠨ ᠤ ᠬᠠᠮᠠᠭᠠᠯᠠᠬᠤ ᠦᠢᠯᠡᠳᠦᠯ ᠤᠨ ᠬᠠᠮᠢᠶ᠎ᠠ ᠪᠦᠬᠦᠢ ᠮᠡᠳᠡᠯᠭᠡ ᠶᠢ ᠰᠢᠨᠵᠢᠯᠡᠬᠦ ᠣᠬᠠᠭᠠᠨᠴᠢ᠂ ᠪᠣᠰᠣᠳᠴᠢ ᠪᠠᠷ ᠮᠡᠳᠡᠭᠳᠡᠬᠦ ᠪᠠ ᠲᠠᠶᠢᠯᠪᠣᠷᠢᠯᠠᠵᠣ ᠦᠭᠬᠦ ᠬᠡᠷᠡᠭᠲᠡᠢ᠃    
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号