| ᠰᠢᠨᠬᠤᠸᠠ ᠮᠤᠩᠬᠤᠯ ᠨᠧᠲ ᠬᠦᠬᠡᠬᠤᠳᠠ ᠶᠢᠨ 12 ᠰᠠᠷ᠎ᠠ ᠶᠢᠨ 16 ᠤ ᠡᠳᠤᠷ ᠤᠨ ᠴᠠᠬᠢᠯᠭᠠᠨ ᠮᠡᠳᠡᠭᠡ ︵ | ᠪᠠᠢ ᠯᠢᠩ ᠳ᠋ᠢ︶ 16 ᠤ ᠦᠳᠡ ᠠᠴᠠ ᠡᠮᠦᠨ᠎ᠡ ︽ᠯᠤᠤᠭᠠᠷ ᠤᠨ ᠵᠦᠩ︾ ︵ᠦᠬᠦᠯᠡᠯᠬᠡ ᠶᠢᠨ ᠲᠡᠬᠦᠪᠦᠷᠢ︶ ᠬᠡᠮᠡᠬᠦ | ᠨᠤᠮ ᠢ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃ | | | ᠲᠤᠰ ᠨᠤᠮ ᠳᠤ ᠦᠪᠦᠷ ᠮᠤᠩᠭᠤᠯ ᠤᠨ ᠽᠠᠨᠳᠠᠷ᠎ᠠ᠂ ᠬ᠊ · ᠰᠢᠨᠡᠬᠦᠦ᠂ ᠮ᠊ · ᠬᠠᠰᠪᠠᠭᠠᠨ᠎ᠠ᠂ ᠪᠦᠷᠢᠨᠳᠡᠬᠦᠰ | ᠵᠡᠷᠬᠡ ᠠᠷᠪᠠᠨ ᠨᠢᠬᠡᠨ ᠠᠬᠠᠮᠡᠳ ᠵᠤᠬᠢᠶᠠᠯᠴᠢ ᠶᠢᠨ ᠬᠤᠶᠢᠴᠢ ᠦᠶ᠎ᠡ ᠶᠢᠨ ᠬᠢᠨ ᠳᠤ ᠪᠠᠨ ᠤᠶᠤᠨ ᠤ ᠦᠭᠬᠦᠬᠡᠵᠢ | ᠪᠤᠯᠬᠤ ᠶᠢ ᠬᠢᠴᠢᠶᠡᠵᠤ ᠲᠤᠭᠤᠷᠪᠢᠭᠰᠠᠨ᠂ ᠦᠨᠳᠤᠰᠦᠳᠡᠨ ᠤ ᠰᠤᠶᠤᠯ ᠲᠠᠢ ᠬᠤᠯᠪᠤᠭᠳᠠᠭᠰᠠᠨ ︽ᠡᠮᠡᠬᠡᠯ ᠡᠬᠦᠷᠦᠭᠰᠡᠨ | ᠡᠪᠦᠬᠡᠨ︾᠂ ︽ᠰᠤᠮᠤᠨ ᠤ ᠪᠠᠭᠤᠷᠢ︾᠂ ︽ᠬᠠᠶᠢᠷ᠎ᠠ︾ ᠵᠡᠷᠬᠡ ᠬᠤᠷᠢ ᠤᠷᠴᠢᠮ ᠤᠬᠤᠷ ᠦᠬᠦᠯᠡᠯᠬᠡ ᠶᠢᠨ ᠰᠢᠨ᠎ᠡ | ᠪᠦᠲᠦᠬᠡᠯ ᠢ ᠬᠤᠷᠢᠶᠠᠵᠠᠢ᠃ ︽ᠯᠤᠤᠭᠠᠷ ᠤᠨ ᠵᠦᠩ︾ ᠨᠤᠮ ᠢ ᠦᠪᠦᠷ ᠮᠤᠩᠭᠤᠯ ᠤᠨ ᠰᠤᠶᠤᠯ ᠤᠨ ᠲᠠᠭᠤᠤ | ᠬᠦᠭᠵᠢᠮ ᠤᠨ ᠲᠦᠷᠰᠦ ᠰᠢᠩᠬᠡᠬᠡᠯᠳᠡ ᠶᠢᠨ ᠬᠡᠪᠯᠡᠯ ᠤᠨ ᠬᠤᠷᠢᠶᠠᠨ ᠠᠴᠠ ᠴᠠᠭᠠᠰᠤ ᠪᠠ ᠴᠠᠬᠢᠮ ᠬᠤᠶᠠᠷ ᠬᠡᠪᠯᠡᠯ ᠢᠶᠠᠷ | ᠬᠡᠪᠯᠡᠬᠦᠯᠦᠨ ᠲᠠᠷᠬᠠᠭᠠᠭᠰᠠᠨ ᠪᠦᠬᠡᠳ ᠦᠪᠦᠷ ᠮᠤᠩᠭᠤᠯ ᠤᠨ ᠰᠢᠯᠢ ᠶᠢᠨ ᠭᠤᠤᠯ᠂ ᠤᠷᠳᠤᠰ᠂ ᠠᠯᠠᠱᠠ ᠵᠡᠷᠬᠡ | ᠠᠶᠢᠮᠠᠭ ᠬᠤᠳᠠ ᠶᠢᠨ ᠰᠤᠷᠭᠠᠭᠤᠯᠢ ᠨᠤᠭᠤᠳ ᠢᠶᠠᠷ ᠦᠨ᠎ᠡ ᠲᠦᠯᠦᠪᠦᠷᠢ ᠦᠭᠡᠢ ᠬᠦᠷᠬᠡᠬᠦ ᠪᠤᠯᠤᠨ᠎ᠠ᠃ | |