ᠭᠠᠷ ᠭᠡᠭᠡᠯᠳᠤᠬᠦᠯᠭᠡ ᠶᠢᠨ ᠳᠠᠪᠠᠭᠤᠯᠢᠬ ᠳᠠᠯ᠎ᠠ
ᠨᠡᠶᠢᠲᠡᠯᠡᠭᠰᠡᠨ ᠴᠠᠭ᠄
2021/4/30
      ᠭᠠᠷ ᠭᠡᠭᠡᠯᠳᠤᠬᠦᠯᠭᠡ ᠪᠤᠯ ᠤᠳᠤᠬᠠᠨ ᠤ ᠮᠠᠯ ᠭᠡᠭᠡᠯᠳᠤᠬᠦᠯᠭᠡ ᠶᠢᠨ ᠳᠠᠪᠰᠢᠩᠭᠤᠢ ᠮᠡᠷᠭᠡᠵᠢᠯ ᠮᠦᠨ᠃ ᠡᠨᠡ ᠨᠢ ᠬᠦᠮᠦᠨ ᠤ ᠬᠦᠴᠦ ᠪᠠᠷ ᠭᠡᠭᠡᠯᠳᠤᠬᠦᠯᠦᠭᠴᠢ ᠮᠠᠯ ᠤᠨ ᠦᠷ᠎ᠠ ᠶᠢᠨ ᠰᠢᠩᠭᠡᠨ ᠢ ᠭᠠᠷᠭᠠᠨ ᠠᠪᠤᠬᠰᠠᠨ ᠤ ᠰᠡᠬᠦᠯᠡᠷ᠂ ᠳᠤᠬᠳᠠᠬᠰᠠᠨ ᠭᠡᠮᠵᠢᠶᠡᠨ ᠤ ᠦᠷ᠎ᠠ ᠶᠢᠨ ᠰᠢᠩᠭᠡᠨ ᠢ ᠮᠧᠬᠠᠨᠢᠬ ᠪᠠᠭᠠᠵᠢ ᠪᠠᠷ ᠭᠡᠭᠡᠯᠳᠦᠭᠴᠢ ᠮᠠᠯ ᠤᠨ ᠦᠷᠡᠵᠢᠯ ᠤᠨ ᠵᠠᠮ ᠳᠤ ᠳᠠᠮᠵᠢᠭᠤᠯᠤᠨ ᠦᠷ᠎ᠠ ᠳᠤᠬᠳᠠᠭᠠᠨ ᠲᠦᠯᠯᠡᠬᠦᠯᠳᠡᠭ᠃ ᠳᠡᠬᠦᠨ ᠤ ᠳᠠᠪᠠᠭᠤᠯᠢᠬ ᠳᠠᠯ᠎ᠠ ᠨᠢ ᠳᠤᠤᠷᠠᠬᠢ ᠮᠡᠳᠦ ᠪᠠᠶᠢᠨ᠎ᠠ᠃       1. ᠦᠷ᠎ᠡ ᠶᠢᠨ ᠮᠠᠯ ᠤᠨ ᠠᠰᠢᠬᠯᠠᠮᠵᠢ ᠶᠢ ᠨᠡᠮᠡᠭᠳᠡᠬᠦᠯᠳᠡᠭ᠃ ᠡᠩ ᠤᠨ ᠭᠡᠭᠡᠯᠳᠤᠬᠦᠯᠭᠡ ᠶᠢᠨ ᠪᠠᠶᠢᠳᠡᠯ ᠳᠤᠤᠷ᠎ᠠ ᠨᠢᠭᠡ ᠦᠷ᠎ᠡ ᠶᠢᠨ ᠮᠠᠯ ᠭᠡᠳᠤᠨ ᠠᠷᠪᠠᠨ ᠭᠡᠭᠡᠯᠳᠦᠭᠴᠢ ᠮᠠᠯ ᠢ ᠭᠡᠭᠡᠯᠳᠤᠬᠦᠯᠳᠡᠭ᠃ ᠭᠡᠳᠡᠯ᠎ᠠ ᠭᠠᠷ ᠭᠡᠭᠡᠯᠳᠤᠬᠦᠯᠭᠡ ᠬᠢᠪᠡᠯ ᠨᠢᠭᠡ ᠦᠷ᠎ᠡ ᠶᠢᠨ ᠮᠠᠯ ᠤᠨ ᠦᠷ᠎ᠠ ᠶᠢᠨ ᠰᠢᠩᠭᠡᠨ ᠢᠶᠠᠷ ᠭᠡᠳᠤᠨ ᠲᠦᠮᠡᠨ ᠭᠡᠭᠡᠯᠳᠦᠭᠴᠢ ᠮᠠᠯ ᠢ ᠭᠡᠭᠡᠯᠳᠤᠬᠦᠯᠵᠦ ᠪᠤᠯᠤᠨ᠎ᠠ᠃       2. ᠦᠷ᠎ᠡ ᠶᠢᠨ ᠮᠠᠯ ᠤᠨ ᠠᠰᠢᠬᠯᠠᠯᠳᠠ ᠶᠢ ᠰᠠᠶᠢᠵᠢᠷᠠᠭᠤᠯᠤᠬᠰᠠᠨ ᠢᠶᠠᠷ ᠭᠡᠭᠡᠯᠳᠦᠬᠦᠯᠭᠡ ᠳᠤ ᠭᠡᠷᠡᠭᠯᠡᠬᠦ ᠦᠷ᠎ᠡ ᠶᠢᠨ ᠮᠠᠯ ᠤᠨ ᠳᠤᠭ᠎ᠠ ᠨᠢ ᠬᠠᠷᠢᠴᠠᠩᠭᠤᠢ ᠪᠠᠷ ᠴᠦᠭᠡᠷᠡᠵᠦ᠂ ᠬᠠᠮᠤᠬ ᠤᠨ ᠰᠢᠯᠢᠳᠡᠭ ᠦᠷ᠎ᠡ ᠶᠢᠨ ᠮᠠᠯ ᠢ ᠰᠤᠩᠭᠤᠨ ᠭᠡᠷᠡᠭᠯᠡᠬᠦ ᠳᠤ ᠪᠤᠯᠤᠯᠴᠠᠭ᠎ᠠ ᠲᠠᠢ ᠪᠤᠯᠭᠠᠳᠠᠬ᠃ ᠡᠨᠡ ᠨᠢ ᠬᠠᠮᠤᠬ ᠤᠨ ᠰᠢᠯᠢᠳᠡᠭ ᠦᠷ᠎ᠠ ᠶᠢᠨ ᠮᠠᠯ ᠤᠨ ᠬᠤᠶᠢᠴᠢ ᠦᠶ᠎ᠠ ᠶᠢ ᠲᠦᠷᠭᠡᠨ ᠦᠷᠡᠵᠢᠬᠦᠯᠬᠦ ᠪᠦᠳᠤᠮᠵᠢᠳᠠᠢ ᠠᠷᠭ᠎ᠠ ᠪᠤᠯᠤᠬᠰᠠᠨ ᠪᠦᠭᠡᠳ ᠡᠬᠦᠯᠳᠡᠷ ᠰᠠᠶᠢᠵᠢᠷᠠᠭᠤᠯᠬᠤ ᠠᠵᠢᠯ ᠤᠨ ᠬᠦᠴᠦᠳᠠᠢ ᠠᠷᠭ᠎ᠠ ᠭᠡᠮᠵᠢᠶ᠎ᠠ ᠪᠤᠯᠤᠨ᠎ᠠ᠃       3. ᠭᠡᠭᠡᠯᠳᠤᠬᠦᠯᠭᠡ ᠳᠤ ᠭᠡᠷᠡᠭᠯᠡᠬᠦ ᠦᠷ᠎ᠡ ᠶᠢᠨ ᠮᠠᠯ ᠤᠨ ᠳᠤᠭ᠎ᠠ ᠨᠢ ᠬᠠᠷᠢᠴᠠᠩᠭᠤᠢ ᠴᠦᠭᠡᠷᠡᠭᠰᠡᠨ ᠳᠤᠯᠠ ᠦᠷ᠎ᠡ ᠶᠢᠨ ᠮᠠᠯ ᠢ ᠠᠷᠠᠴᠢᠯᠡᠨ ᠳᠡᠵᠢᠭᠡᠬᠦ ᠡᠪᠡᠰᠦ ᠪᠤᠷᠳᠤᠭ᠎ᠠ᠂ ᠬᠦᠮᠦᠨ ᠤ ᠬᠦᠴᠦ ᠪᠠ ᠡᠳ᠋ ᠪᠤᠳᠠᠰ ᠤᠨ ᠵᠠᠷᠤᠳᠠᠯ ᠢ ᠶᠡᠭᠡᠪᠡᠷ ᠪᠠᠭᠠᠰᠬᠠᠵᠦ ᠴᠢᠳᠠᠨ᠎ᠠ᠃         4. ᠭᠠᠷ ᠭᠡᠭᠡᠯᠳᠤᠬᠦᠯᠭᠡ ᠨᠢ ᠨᠠᠷᠢᠨ ᠨᠢᠮᠪᠠᠢ ᠠᠵᠢᠯᠯᠠᠬᠤ ᠲᠦᠷᠢᠮ ᠪᠠ ᠠᠷᠢᠭᠤᠳᠬᠠᠬᠤ ᠲᠦᠷᠢᠮ ᠢ ᠭᠡᠷᠡᠭᠵᠢᠬᠦᠯᠳᠡᠭ ᠤᠴᠢᠷ ᠠᠴᠠ ᠡᠷᠡᠬᠦᠯ ᠦᠷ᠎ᠡ ᠶᠢᠨ ᠮᠠᠯ ᠢ ᠭᠡᠷᠡᠭᠯᠡᠳᠡᠭ ᠯᠠ ᠶᠤᠮ ᠪᠤᠯ ᠮᠠᠰᠢ ᠤᠯᠠᠨ ᠡᠪᠡᠳᠴᠢᠨ ᠭᠡᠮ ᠢ ᠰᠡᠷᠭᠡᠶᠢᠯᠡᠵᠦ ᠴᠢᠳᠠᠨ᠎ᠠ᠃ ᠤᠨᠴᠠᠭᠠᠢᠢᠯᠠᠨ ᠦᠷᠡᠵᠢᠯ ᠤᠨ ᠵᠠᠮ ᠤᠨ ᠬᠠᠯᠳᠠᠪᠤᠷᠢᠳᠦ ᠡᠪᠡᠳᠴᠢᠨ ᠢ ᠰᠡᠷᠭᠡᠶᠢᠯᠡᠵᠦ ᠴᠢᠳᠡᠳᠠᠬ᠃       5. ᠭᠠᠷ ᠭᠡᠭᠡᠯᠳᠤᠬᠦᠯᠭᠡ ᠨᠢ ᠪᠦᠷᠢᠨ ᠪᠦᠳᠦᠨ ᠳᠡᠮᠳᠡᠭᠯᠡᠯ ᠲᠠᠢ ᠤᠴᠢᠷ ᠠᠴᠠ ᠭᠡᠭᠡᠯᠳᠤᠬᠦ ᠦᠭᠡᠢ ᠮᠠᠯ ᠢ ᠳᠠᠶᠠᠬᠳᠠᠵᠦ᠂ ᠭᠡᠭᠡᠯ ᠳᠤᠬᠳᠠᠬᠤ ᠨᠤᠷᠮ᠎ᠠ ᠶᠢ ᠳᠡᠭᠡᠭᠰᠢᠯᠡᠬᠦᠯᠬᠦ ᠳᠤ ᠠᠰᠢᠬᠳᠠᠢ᠃ ᠪᠠᠰᠠ ᠤᠳᠤᠮ ᠤᠬᠰᠠᠭ᠎ᠠ ᠨᠢ ᠳᠤᠳᠤᠷᠬᠠᠢ ᠪᠤᠯᠬᠤᠷ ᠡᠬᠦᠯᠳᠡᠷ ᠪᠤᠶᠢᠵᠢᠭᠤᠯᠬᠤ ᠠᠵᠢᠯ ᠢ ᠰᠢᠰᠲ᠋ᠧᠮ ᠲᠠᠢ ᠬᠢᠬᠦ ᠳᠤ ᠠᠰᠢᠬ ᠲᠠᠢ ᠪᠠᠶᠢᠳᠠᠬ᠃       6. ᠦᠷ᠎ᠠ ᠶᠢ ᠢᠴᠡᠭᠡᠯᠡᠬᠦᠯᠤᠨ ᠬᠠᠳᠠᠭᠠᠯᠠᠵᠦ ᠪᠤᠯᠬᠤ ᠤᠴᠢᠷ ᠠᠴᠠ ᠮᠠᠯ ᠭᠡᠭᠡᠯᠳᠤᠬᠦᠯᠭᠡ ᠶᠢᠨ ᠠᠵᠢᠯ ᠨᠢ ᠭᠠᠵᠠᠷ ᠤᠷᠤᠨ ᠳᠤ ᠬᠢᠵᠠᠭᠠᠷᠯᠠᠬᠳᠠᠬᠤ ᠦᠭᠡᠢ ᠪᠦᠭᠡᠳ ᠦᠷ᠎ᠡ ᠶᠢᠨ ᠮᠠᠯ ᠬᠦᠷᠦᠯᠴᠡᠬᠦ ᠦᠭᠡᠢ ᠠᠰᠠᠭᠤᠳᠠᠯ ᠢ ᠰᠢᠢᠳᠪᠦᠷᠢᠯᠡᠵᠦ ᠪᠤᠯᠤᠨ᠎ᠠ᠃       7. ᠢᠴᠡᠭᠡᠯ ᠦᠷ᠎ᠠ ᠤᠷᠤᠭᠤᠯᠬᠤ ᠠᠷᠭ᠎ᠠ ᠪᠠᠷ ᠭᠠᠳᠠᠭᠠᠳᠦ ᠤᠯᠤᠰ ᠪᠠ ᠪᠤᠰᠤᠳ ᠭᠠᠵᠠᠷ ᠤᠷᠤᠨ ᠠᠴᠠ ᠰᠠᠶᠢᠨ ᠡᠬᠦᠯᠳᠡᠷ ᠤᠨ ᠦᠷ᠎ᠡ ᠶᠢᠨ ᠮᠠᠯ ᠤᠷᠤᠭᠤᠯᠬᠤ ᠠᠵᠢᠯ ᠢ ᠤᠷᠤᠯᠠᠭᠤᠯᠵᠦ ᠪᠤᠯᠤᠨ᠎ᠠ᠃       8. ᠦᠷ᠎ᠡ ᠶᠢᠨ ᠮᠠᠯ ᠪᠠ ᠭᠡᠭᠡᠯᠳᠦᠭᠴᠢ ᠮᠠᠯ ᠤᠨ ᠪᠡᠶ᠎ᠠ ᠶᠢᠨ ᠶᠡᠭᠡ ᠪᠠᠭ᠎ᠠ ᠶᠢᠨ ᠵᠦᠷᠢᠶ᠎ᠠ ᠪᠠ ᠦᠷᠡᠵᠢᠯ ᠤᠨ ᠵᠠᠮ ᠤᠨ ᠭᠡᠪ ᠤᠨ ᠪᠤᠰᠦ ᠠᠴᠠ ᠪᠤᠯᠵᠦ ᠭᠡᠭᠡᠯᠳᠤᠬᠦ ᠤᠴᠢᠷ ᠶᠠᠪᠤᠳᠠᠯ ᠭᠠᠷᠬᠤ ᠶᠢ ᠰᠡᠷᠭᠡᠶᠢᠯᠡᠵᠦ ᠴᠢᠳᠠᠨ᠎ᠠ᠃       9. ᠠᠳᠠᠯᠢ ᠪᠤᠰᠦ ᠰᠢᠯᠢᠳᠡᠭ ᠦᠷ᠎ᠡ ᠶᠢᠨ ᠮᠠᠯ ᠤᠨ ᠦᠷ᠎ᠠ ᠶᠢ ᠲᠦᠯᠦᠪᠯᠡᠭᠡ ᠲᠠᠢ ᠪᠠᠷ ᠡᠭᠡᠯᠵᠢᠯᠡᠨ ᠭᠡᠷᠡᠭᠯᠡᠵᠦ ᠪᠤᠯᠬᠤ ᠳᠤᠯᠠ ᠤᠢᠢᠷ᠎ᠠ ᠲᠦᠷᠦᠯ ᠤᠨ ᠭᠡᠭᠡᠯᠳᠤᠬᠦᠯᠭᠡ ᠠᠴᠠ ᠪᠤᠯᠬᠤ ᠤᠳᠤᠮᠯᠠᠯ ᠤᠨ ᠳᠤᠷᠦ᠋ᠢᠳᠠᠯ ᠢ ᠰᠡᠷᠭᠡᠶᠢᠯᠡᠵᠦ ᠴᠢᠳᠠᠨ᠎ᠠ᠃       10. ᠪᠡᠶᠡᠳᠡᠬᠦᠯᠵᠦ ᠭᠡᠭᠡᠯᠳᠤᠬᠦᠯᠬᠦ ᠠᠴᠠ ᠪᠤᠯᠳᠠᠬ ᠭᠡᠮᠳᠤᠯ ᠬᠤᠪᠢᠷᠠᠯ ᠢ ᠰᠡᠷᠭᠡᠶᠢᠯᠡᠵᠦ ᠴᠢᠳᠠᠨ᠎ᠠ᠃ ᠭᠠᠷ ᠭᠡᠭᠡᠯᠳᠤᠬᠦᠯᠭᠡ ᠨᠢ ᠮᠠᠯ ᠠᠵᠦ ᠠᠬᠤᠢ ᠶᠢᠨ ᠦᠢᠯᠡᠳᠪᠦᠷᠢᠯᠡᠯ ᠪᠠ ᠰᠢᠨᠵᠢᠯᠡᠬᠦ ᠤᠬᠠᠭᠠᠨ ᠰᠤᠳᠤᠯᠭᠠᠨ ᠤ ᠠᠬᠢᠴᠠ ᠶᠢ ᠲᠦᠷᠭᠡᠳᠭᠡᠨ᠂ ᠮᠠᠯ ᠤᠨ ᠶᠠᠰᠦ ᠴᠢᠨᠠᠷ ᠢ ᠰᠠᠶᠢᠵᠢᠷᠠᠭᠤᠯᠬᠤ ᠪᠠ ᠮᠠᠯ ᠤᠨ ᠳᠤᠭ᠎ᠠ ᠶᠢ ᠨᠡᠮᠡᠭᠳᠡᠬᠦᠯᠬᠦ ᠳᠤ ᠳᠤᠳᠠᠬᠳᠠᠵᠦ ᠪᠤᠯᠤᠰᠢ ᠦᠭᠡᠢ ᠮᠡᠷᠭᠡᠵᠢᠯ ᠤᠨ ᠠᠷᠭ᠎ᠠ ᠪᠠᠷᠢᠯ ᠪᠤᠯᠬᠤ ᠪᠦᠭᠡᠳ ᠬᠦᠳᠡᠭᠡ ᠳᠤᠰᠬᠤᠨ ᠮᠠᠯᠵᠢᠬᠤ ᠤᠷᠤᠨ ᠳᠤ ᠡᠷᠭᠡᠪᠰᠢ ᠲᠦᠭᠡᠮᠡᠯᠵᠢᠬᠦᠯᠬᠦ ᠮᠡᠷᠭᠡᠵᠢᠯ ᠪᠤᠯᠬᠤ ᠶᠤᠮ᠃ ᠭᠠᠷ ᠭᠡᠭᠡᠯᠳᠤᠬᠦᠯᠭᠡ ᠶᠢ ᠰᠠᠶᠢᠨ ᠬᠢᠬᠦ ᠳᠤ ᠦᠷ᠎ᠡ ᠶᠢᠨ ᠮᠠᠯ ᠠᠴᠠ ᠦᠷ᠎ᠠ ᠠᠪᠬᠤ᠂ ᠦᠷ᠎ᠠ ᠶᠢᠨ ᠰᠢᠩᠭᠡᠨ ᠢ ᠪᠠᠶᠢᠴᠠᠭᠠᠬᠤ᠂ ᠰᠢᠩᠭᠡᠷᠡᠬᠦᠯᠬᠦ ᠪᠠ ᠬᠠᠳᠠᠭᠠᠯᠠᠬᠤ᠂ ᠦᠷ᠎ᠠ ᠳᠠᠮᠵᠢᠭᠤᠯᠬᠤ᠂ ᠭᠡᠭᠡᠯᠳᠦᠭᠴᠢ ᠮᠠᠯ ᠤᠨ ᠤᠷᠤᠭ᠎ᠠ ᠶᠢ ᠳᠤᠳᠤᠯᠠᠬᠤ ᠪᠠ ᠭᠡᠭᠡᠯ ᠢ ᠳᠤᠳᠤᠯᠠᠬᠤ ᠵᠡᠷᠭᠡ ᠮᠡᠷᠭᠡᠵᠢᠯ ᠤᠨ ᠶᠠᠪᠤᠴᠠ ᠶᠢ ᠬᠦᠢᠴᠡᠳᠭᠡᠬᠦ ᠭᠡᠷᠡᠭᠳᠠᠢ᠃    
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号