ᠬᠡᠳᠦ ᠹᠣᠰᠹᠣᠷ ᠬᠦᠴᠢᠯ ᠤᠨ ᠺᠠᠯᠼ ᠢ ᠬᠡᠷᠬᠢᠨ ᠰᠢᠨᠵᠢᠯᠡᠬᠦ ᠤᠬᠠᠭᠠᠨᠴᠢ ᠪᠠᠷ ᠤᠷᠤᠭᠤᠯᠬᠤ ᠪᠤᠢ
ᠨᠡᠶᠢᠲᠡᠯᠡᠭᠰᠡᠨ ᠴᠠᠭ᠄
2021/7/15
     ᠬᠡᠳᠦ ᠹᠣᠰᠹᠣᠷ ᠬᠦᠴᠢᠯ ᠤᠨ ᠺᠠᠯᠼ ︵过磷酸钙︶ ᠢ ᠪᠠᠰᠠ ᠡᠩ ᠤᠨ ᠬᠡᠳᠦ ᠹᠤᠰᠹᠤᠷ ᠬᠦᠴᠢᠯ ᠤᠨ ᠺᠠᠯᠼ ᠭᠡᠳᠡᠭ᠂ ᠡᠭᠦᠨ ᠢ ᠳᠦᠭᠦᠮᠴᠢᠯᠡᠨ ᠡᠩ ᠤᠨ ᠺᠠᠯᠼ ᠭᠡᠨ᠎ᠡ᠃ ᠲᠡᠷᠡ ᠪᠣᠯ ᠳᠡᠯᠡᠬᠡᠢ ᠳᠡᠭᠡᠷ᠎ᠡ ᠬᠠᠮᠤᠭ ᠠᠩᠬᠠᠨ ᠤ ᠦᠢᠯᠡᠳᠪᠦᠷᠢᠯᠡᠭᠰᠡᠨ ᠨᠢᠭᠡ ᠵᠦᠢᠯ ᠤᠨ ᠹᠣᠰᠹᠣᠷ ᠪᠤᠷᠳᠤᠭᠤᠷ ᠶᠤᠮ᠂ ᠮᠦᠨ ᠴᠤ ᠮᠠᠨ ᠤ ᠣᠯᠣᠰ ᠤᠨ ᠨᠡᠯᠢᠶᠡᠳ ᠨᠡᠶᠢᠳᠡᠮ ᠬᠡᠷᠡᠭᠯᠡᠵᠦ ᠪᠦᠬᠦᠢ ᠹᠤᠰᠹᠤᠷ ᠪᠤᠷᠳᠤᠭᠤᠷ ᠪᠣᠯᠣᠨ᠎ᠠ᠃ ᠡᠩ ᠤᠨ ᠺᠠᠯᠼ ᠤᠨ ᠠᠰᠢᠭᠲᠤ ᠹᠣᠰᠹᠣᠷ ᠤᠨ ᠠᠭᠤᠯᠤᠭᠳᠠᠴᠠ ᠨᠢ ᠨᠡᠯᠢᠶᠡᠳ ᠶᠡᠭᠡ ᠵᠦᠷᠢᠶ᠎ᠡ ᠲᠠᠢ᠂ ᠶᠡᠷᠦ ᠳᠡᠭᠡᠨ 12%~18% ᠪᠠᠶᠢᠳᠠᠭ᠃ ᠴᠡᠪᠡᠷ ᠬᠡᠳᠦ ᠹᠣᠰᠹᠣᠷ ᠬᠦᠴᠢᠯ ᠤᠨ ᠺᠠᠯᠼ ᠨᠢ ᠭᠦᠨ ᠦᠨᠡᠰᠦᠨ ᠦᠩᠭᠡᠲᠡᠢ ᠪᠣᠶᠣ ᠰᠠᠷᠠᠯ ᠦᠩᠭᠡᠲᠡᠢ ᠨᠤᠨᠳᠠᠭ ᠪᠠᠶᠢᠵᠤ᠂ ᠬᠦᠴᠢᠯᠯᠢᠭ ᠦᠨᠦᠷ ᠲᠠᠢ᠂ ᠠᠮᠠᠷᠬᠠᠨ ᠴᠢᠭᠢᠭᠲᠦᠵᠦ᠂ ᠠᠮᠠᠷᠬᠠᠨ ᠬᠡᠰᠡᠭᠷᠡᠵᠦ᠂ ᠢᠯᠵᠢᠷᠡᠭᠦᠯᠬᠦ ᠴᠢᠨᠠᠷ ᠲᠠᠢ ᠪᠠᠶᠢᠳᠠᠭ᠃ ᠤᠰᠤᠨ ᠳᠤ ᠠᠭᠤᠰᠬᠠᠭᠰᠠᠨ ︵ᠠᠭᠤᠰᠬᠤ ᠦᠭᠡᠢ ᠬᠡᠰᠡᠭ ᠢ ᠨᠢ ᠵᠤᠭᠠᠩ ᠭᠡᠨ᠎ᠡ᠂ ᠪᠠᠷᠤᠭ 40%~50% ᠶᠢ ᠡᠵᠡᠯᠡᠨ᠎ᠡ︶ ᠤ ᠳᠠᠷᠠᠭ᠎ᠠ ᠬᠦᠴᠢᠯᠯᠢᠭ ᠲᠦᠷᠭᠡᠨ ᠦᠢᠯᠡᠳᠦᠯᠲᠦ ᠹᠣᠰᠹᠣᠷ ᠪᠤᠷᠳᠤᠭᠤᠷ ᠪᠣᠯᠳᠠᠭ ᠃ ᠬᠡᠳᠦ ᠹᠣᠰᠹᠣᠷ ᠬᠦᠴᠢᠯ ᠤᠨ ᠺᠠᠯᠼ ᠢ ᠡᠯ᠎ᠡ ᠵᠦᠢᠯ ᠤᠨ ᠲᠠᠷᠢᠮᠠᠯ ᠪᠠ ᠡᠯ᠎ᠡ ᠲᠦᠷᠦᠯ ᠤᠨ ᠬᠦᠷᠦᠰᠦᠨ ᠳᠤ ᠴᠦᠮ ᠬᠡᠷᠡᠭᠯᠡᠵᠦ ᠪᠣᠯᠣᠨ᠎ᠠ᠃ ᠲᠡᠭᠦᠨ ᠤ ᠲᠤᠰ ᠪᠡᠶ᠎ᠡ ᠨᠢ ᠶᠡᠭᠡ ᠬᠡᠮᠵᠢᠶᠡᠨ ᠤ ᠵᠤᠭᠠᠩ ᠪᠠ ᠴᠢᠯᠦᠭᠡᠲᠦ ᠬᠦᠴᠢᠯ ᠠᠭᠤᠯᠵᠤ ᠪᠠᠶᠢᠳᠠᠭ ᠠᠴᠠ ᠱᠦᠯᠲᠦᠯᠢᠭ ᠬᠦᠷᠦᠰᠦᠨ ᠳᠤ ᠤᠨᠴᠠᠭᠠᠢ ᠲᠤᠬᠢᠷᠠᠳᠠᠭ᠃ ᠲᠡᠭᠦᠨ ᠢᠶᠠᠷ ᠰᠠᠭᠤᠷᠢ ᠪᠣᠷᠳᠤᠭᠤᠷ᠂ ᠨᠡᠮᠡᠯᠲᠡ ᠪᠤᠷᠳᠤᠭᠤᠷ ᠪᠣᠯᠭᠠᠵᠤ ᠪᠣᠯᠬᠤ ᠮᠦᠷᠲᠡᠭᠡᠨ ᠪᠠᠰᠠ ᠦᠷ᠎ᠡ ᠶᠢᠨ ᠪᠤᠷᠳᠤᠯᠲᠠ ᠪᠠ ᠨᠡᠮᠡᠯᠲᠡ ᠪᠤᠷᠳᠤᠭᠤᠷ ᠴᠤ ᠪᠣᠯᠭᠠᠵᠤ ᠪᠤᠯᠳᠠᠭ᠃ ᠬᠡᠳᠦ ᠹᠣᠰᠹᠣᠷ ᠬᠦᠴᠢᠯ ᠤᠨ ᠺᠠᠯᠼ ᠢᠶᠠᠷ ᠰᠠᠭᠤᠷᠢ ᠪᠤᠷᠳᠤᠭᠤᠷ ᠪᠣᠯᠭᠠᠬᠤ ᠳᠤ ᠲᠦᠷᠭᠡᠨ ᠦᠢᠯᠡᠳᠦᠯᠲᠦ ᠹᠣᠰᠹᠣᠷ ᠳᠤᠲᠠᠭᠳᠠᠵᠤ ᠪᠦᠬᠦᠢ ᠬᠦᠷᠦᠰᠦᠨ ᠳᠤ ᠪᠣᠯ 667 m2 ᠪᠦᠷᠢ ᠳᠤ ᠬᠡᠷᠡᠭᠯᠡᠬᠦ ᠬᠡᠮᠵᠢᠶ᠎ᠡ ᠶᠢ 50kg ᠤᠷᠴᠢᠮ ᠪᠠᠶᠢᠯᠭᠠᠵᠤ᠂ ᠲᠠᠷᠢᠶ᠎ᠠ ᠬᠠᠭᠠᠯᠪᠤᠷᠢᠯᠠᠬᠤ ᠠᠴᠠ ᠡᠮᠦᠨ᠎ᠡ ᠬᠠᠭᠠᠰ ᠢ ᠨᠢ ᠰᠠᠴᠤᠵᠤ᠂ ᠲᠠᠷᠢᠶᠠᠨ ᠭᠠᠵᠠᠷ ᠲᠤ ᠰᠠᠭᠤᠷᠢ ᠪᠤᠷᠳᠤᠭᠤᠷ ᠪᠣᠯᠭᠠᠬᠤ ᠲᠠᠢ ᠤᠶᠠᠯᠳᠣᠭᠤᠯᠣᠨ᠎ᠠ᠃ ᠦᠷᠡᠯᠡᠬᠦ ᠠᠴᠠ ᠡᠮᠦᠨ᠎ᠡ ᠨᠦᠭᠦᠭᠡ ᠬᠠᠭᠠᠰ ᠢ ᠨᠢ ᠰᠠᠴᠤᠵᠤ ᠭᠠᠵᠠᠷ ᠲᠡᠭᠰᠢᠯᠡᠬᠦ ᠲᠠᠢ ᠤᠶᠠᠯᠳᠣᠭᠤᠯᠵᠣ ᠬᠦᠷᠦᠰᠦᠨ ᠳᠤ ᠤᠷᠤᠭᠤᠯᠤᠨ᠎ᠠ᠃ ᠢᠩᠭᠢᠪᠡᠯ ᠬᠡᠳᠦ ᠹᠣᠰᠹᠣᠷ ᠬᠦᠴᠢᠯ ᠤᠨ ᠺᠠᠯᠼ ᠤᠨ ᠪᠤᠷᠳᠤᠭᠤᠷ ᠤᠨ ᠦᠢᠯᠡᠳᠦᠯ ᠨᠢ ᠨᠡᠯᠢᠶᠡᠳ ᠰᠠᠶᠢᠨ ᠪᠣᠯᠵᠣ᠂ ᠲᠡᠭᠦᠨ ᠤ ᠠᠰᠢᠭᠲᠤ ᠪᠦᠷᠢᠯᠳᠦᠭᠦᠨ ᠤ ᠠᠰᠢᠭᠯᠠᠯᠲᠠ ᠶᠢᠨ ᠨᠤᠷᠮ᠎ᠠ ᠨᠢ ᠴᠤ ᠳᠡᠭᠡᠭᠰᠢᠯᠡᠨ᠎ᠡ᠃ ᠤᠷᠭᠠᠨᠢᠭ ᠪᠤᠷᠳᠤᠭᠤᠷ ᠲᠠᠢ ᠬᠤᠯᠢᠵᠣ ᠰᠠᠭᠤᠷᠢ ᠪᠤᠷᠳᠤᠭᠤᠷ ᠪᠣᠯᠭᠠᠬᠤ ᠳᠤ ᠬᠡᠳᠦ ᠹᠤᠰᠹᠣᠷ ᠬᠦᠴᠢᠯ ᠤᠨ ᠺᠠᠯᠼ ᠢ 667 m2 ᠪᠦᠷᠢ ᠳᠤ 20~25kg ᠤᠷᠤᠭᠤᠯᠤᠨ᠎ᠠ᠃ ᠡᠭᠦᠨ ᠳᠤ ᠰᠤᠪᠠᠭᠯᠠᠨ ᠤᠷᠤᠭᠤᠯᠬᠤ᠂ ᠴᠤᠨᠤᠭᠯᠠᠨ ᠤᠷᠤᠭᠤᠯᠬᠤ ᠵᠡᠷᠭᠡ ᠲᠦᠪᠯᠡᠷᠡᠭᠦᠯᠦᠨ ᠬᠡᠷᠡᠭᠯᠡᠬᠦ ᠠᠷᠭ᠎ᠠ ᠶᠢ ᠠᠪᠴᠤ ᠪᠣᠯᠣᠨ᠎ᠠ᠃ ᠬᠡᠳᠦ ᠹᠣᠰᠹᠣᠷ ᠬᠦᠴᠢᠯ ᠤᠨ ᠺᠠᠯᠼ ᠢᠶᠠᠷ ᠨᠡᠮᠡᠯᠲᠡ ᠪᠤᠷᠳᠤᠭᠤᠷ ᠪᠣᠯᠭᠠᠬᠤ ᠳᠤ 667 m2 ᠪᠦᠷᠢ ᠳᠤ 20~30kg ᠤᠷᠤᠭᠤᠯᠤᠨ᠎ᠠ᠃ ᠡᠭᠦᠨ ᠳᠤ ᠠᠩᠬᠠᠷᠬᠤ ᠴᠢᠬᠤᠯᠠᠲᠠᠢ ᠵᠦᠢᠯ ᠭᠡᠪᠡᠯ ᠡᠷᠲᠡ ᠤᠷᠤᠭᠤᠯᠵᠤ᠂ ᠭᠦᠨ ᠤᠷᠤᠭᠤᠯᠵᠤ᠂ ᠦᠨᠳᠦᠰᠦᠨ ᠤ ᠬᠡᠰᠡᠭ ᠤᠨ ᠬᠦᠷᠦᠰᠦᠨ ᠳᠠᠪᠬᠤᠷᠭ᠎ᠠ ᠳᠤ ᠲᠤᠯᠲᠠᠯ᠎ᠠ ᠤᠷᠤᠭᠤᠯᠤᠨ᠎ᠠ᠃ ᠡᠰᠡ ᠲᠡᠭᠡᠪᠡᠯ ᠬᠡᠳᠦ ᠹᠣᠰᠹᠣᠷ ᠬᠦᠴᠢᠯ ᠤᠨ ᠺᠠᠯᠼ ᠤᠨ ᠦᠢᠯᠡᠳᠦᠯ ᠠᠨᠠᠢ ᠪᠣᠯᠳᠠᠭ᠃ ᠬᠡᠷᠪᠡ ᠦᠷ᠎ᠡ ᠶᠢᠨ ᠪᠤᠷᠳᠤᠯᠲᠠ ᠪᠤᠯᠭᠠᠪᠠᠯ ᠬᠡᠳᠦ ᠹᠣᠰᠹᠣᠷ ᠬᠦᠴᠢᠯ ᠤᠨ ᠺᠠᠯᠼ ᠢ 667 m2 ᠪᠦᠷᠢ ᠳᠤ 10kg ᠤᠷᠴᠢᠮ ᠤᠷᠤᠭᠤᠯᠤᠨ᠎ᠠ᠃ ᠬᠡᠳᠦ ᠹᠣᠰᠹᠣᠷ ᠬᠦᠴᠢᠯ ᠤᠨ ᠺᠠᠯᠼ ᠢᠶᠠᠷ ᠨᠡᠮᠡᠯᠲᠡ ᠪᠤᠷᠳᠤᠭᠤᠷ ᠪᠣᠯᠭᠠᠬᠤ ᠳᠤ ᠲᠠᠷᠢᠮᠠᠯ ᠤᠨ ᠴᠡᠴᠡᠭᠯᠡᠬᠦ ᠠᠴᠠ ᠡᠮᠦᠨ᠎ᠡ ᠬᠤᠶᠢᠨ᠎ᠠ ᠰᠦᠷᠴᠢᠨ᠎ᠡ᠂ ᠡᠭᠦᠨ ᠳᠤ 1%~3% ᠶᠢᠨ ᠬᠡᠳᠦ ᠹᠣᠰᠹᠣᠷ ᠬᠦᠴᠢᠯ ᠤᠨ ᠺᠠᠯᠼ ᠤᠨ ᠰᠢᠩᠭᠡᠨ ᠢ ᠰᠣᠩᠭᠤᠪᠠᠯ ᠵᠤᠬᠢᠨ᠎ᠠ᠃ ᠬᠡᠳᠦ ᠹᠣᠰᠹᠣᠷ ᠬᠦᠴᠢᠯ ᠤᠨ ᠺᠠᠯᠼ ᠢ ᠬᠡᠷᠡᠭᠯᠡᠬᠦ ᠳᠣᠮᠳᠠ ᠳᠣᠣᠷᠠᠬᠢ ᠬᠡᠳᠦᠨ ᠠᠰᠠᠭᠤᠳᠠᠯ ᠢ ᠠᠩᠬᠠᠷᠪᠠᠯ ᠵᠤᠬᠢᠨ᠎ᠠ᠄ 1. ᠱᠦᠯᠲᠦᠯᠢᠭ ᠪᠤᠷᠳᠤᠭᠤᠷ ᠲᠠᠢ ᠬᠤᠯᠢᠵᠣ ᠬᠡᠷᠡᠭᠯᠡᠵᠦ ᠪᠣᠯᠬᠤ ᠦᠭᠡᠢ᠂ ᠹᠣᠰᠹᠣᠷ ᠬᠦᠴᠢᠯ ᠰᠠᠭᠠᠷᠮᠠᠭᠵᠢᠨ ᠪᠤᠷᠳᠤᠭᠤᠷ ᠤᠨ ᠦᠢᠯᠡᠳᠦᠯ ᠪᠠᠭᠤᠷᠠᠬᠤ ᠶᠢ ᠰᠡᠷᠭᠡᠶᠢᠯᠡᠬᠦ ᠬᠡᠷᠡᠭᠲᠡᠢ᠃ 2. ᠭᠤᠣᠯᠳᠠᠭᠤ ᠹᠣᠰᠹᠣᠷ ᠳᠤᠲᠠᠭᠳᠠᠬᠤ ᠭᠠᠵᠠᠷ ᠬᠡᠷᠡᠭᠯᠡᠵᠦ᠂ ᠹᠣᠰᠹᠣᠷ ᠪᠣᠷᠳᠣᠭᠤᠷ ᠤᠨ ᠤᠨᠠᠯᠲᠠ ᠶᠢ ᠨᠡᠮᠡᠭᠳᠡᠭᠦᠯᠬᠦ ᠳᠠᠯᠳᠠ ᠬᠦᠴᠦᠨ ᠢ ᠪᠠᠭᠤᠷᠠᠭᠤᠯᠬᠤ ᠳᠤ ᠠᠰᠢᠭᠲᠠᠢ ᠪᠠᠶᠢᠯᠭᠠᠨ᠎ᠠ᠃ 3. ᠬᠡᠳᠦ ᠹᠣᠰᠹᠣᠷ ᠬᠦᠴᠢᠯ ᠤᠨ ᠺᠠᠯᠼ ᠢ ᠬᠡᠲᠦᠷᠡᠲᠡᠯ᠎ᠡ ᠬᠡᠷᠡᠭᠯᠡᠵᠦ ᠪᠣᠯᠬᠤ ᠦᠭᠡᠢ᠂ ᠵᠢᠯ ᠳᠠᠷᠠᠭᠠᠯᠠᠨ ᠶᠡᠭᠡ ᠬᠡᠮᠵᠢᠶ᠎ᠡ ᠪᠠᠷ ᠬᠡᠷᠡᠭᠯᠡᠬᠦ ᠳᠤ ᠬᠦᠷᠪᠡᠯ ᠹᠣᠰᠹᠣᠷ ᠪᠤᠷᠳᠤᠭᠤᠷ ᠤᠨ ᠦᠢᠯᠡᠳᠦᠯ ᠢ ᠪᠠᠭᠤᠷᠠᠭᠤᠯᠤᠨ᠎ᠠ᠃ 4. ᠬᠡᠳᠦ ᠹᠣᠰᠹᠣᠷ ᠬᠦᠴᠢᠯ ᠤᠨ ᠺᠠᠯᠼ ᠢ ᠬᠡᠷᠡᠭᠯᠡᠬᠦ ᠳᠤ ᠬᠡᠮᠬᠡᠴᠢᠨ ᠰᠠᠶᠢᠵᠠᠳᠠᠵᠤ ᠠᠪᠬᠤ ᠬᠡᠷᠡᠭᠲᠡᠢ᠂ ᠦᠭᠡᠢ ᠪᠣᠯ ᠪᠤᠷᠳᠤᠭᠤᠷ ᠤᠨ ᠦᠢᠯᠡᠳᠦᠯ ᠢ ᠨᠦᠯᠦᠭᠡᠯᠡᠳᠡᠭ᠃ ︵ᠢᠷᠡᠯᠲᠡ᠄ ᠳᠠᠯᠠᠢ ᠶᠢᠨ ᠨᠠᠶᠢᠷᠠᠭᠤᠯᠤᠭᠰᠠᠨ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶    
 
ᠢᠷᠡᠯᠲᠡ᠄ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号