ᠦᠬᠡᠷ ᠤᠨ ᠠᠮᠠᠨ ᠤ ᠦᠷᠪᠢᠰᠦᠯ ᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2021/7/15
      1. ᠢᠤᠳ᠋ᠲᠤ ᠠᠮᠲᠠᠯᠢᠭ ᠲᠤᠰᠤ ︵ᠢᠤᠳ᠋ ᠤᠨ ᠴᠢᠩᠬᠢ 1 ᠬᠤᠪᠢ᠂ ᠠᠮᠲᠠᠯᠢᠭ ᠲᠤᠰᠤ 9 ᠬᠤᠪᠢ︶ ᠪᠣᠶᠣ ᠪᠣᠷᠣ ᠣᠰᠣᠨ ᠡᠮ ︵紫药水︶᠃ ᠬᠡᠷᠡᠭᠯᠡᠬᠦ ᠠᠷᠭ᠎ᠠ᠄ ᠦᠷᠪᠢᠰᠦᠭᠰᠡᠨ ᠠᠮᠠᠨ ᠬᠦᠨᠳᠡᠢ ᠶᠢᠨ ᠰᠠᠯᠢᠰᠤᠲᠤ ᠪᠦᠷᠬᠦᠪᠴᠢ ᠳᠤ ᠲᠦᠷᠬᠢᠨ᠎ᠡ᠃      2. ᠲᠤᠩᠰᠠ 9g᠂ ᠬᠦᠬᠡ ᠪᠣᠳᠣᠭᠲᠣ ᠴᠡᠴᠡᠭ 12g᠂ ᠰᠢᠯᠭᠠᠪᠤᠷ 3g᠃ ᠬᠡᠷᠡᠭᠯᠡᠬᠦ ᠠᠷᠭ᠎ᠠ᠄ ᠲᠠᠯᠠᠭᠳᠠᠭᠠᠳ ᠦᠷᠪᠢᠰᠦᠭᠰᠡᠨ ᠠᠮᠠᠨ ᠬᠦᠨᠳᠡᠢ ᠶᠢᠨ ᠰᠠᠯᠢᠰᠤᠲᠤ ᠪᠦᠷᠬᠦᠪᠴᠢ ᠳᠤ ᠰᠠᠴᠤᠨ᠎ᠠ᠃      3. ᠴᠢᠩ ᠮᠧᠢ ᠰᠦ᠋ 4000~6000 ᠨᠢᠭᠡᠴᠢ / ᠺᠢᠯᠦᠭᠷᠡᠮ ᠪᠡᠶ᠎ᠡ ᠶᠢᠨ ᠵᠢᠩ᠂ ᠯᠢᠶᠠᠨ ᠮᠧᠢ ᠰᠦ᠋ 10 ᠮᠢᠯᠢᠭᠷᠡᠮ / ᠺᠢᠯᠦᠭᠷᠡᠮ ᠪᠡᠶ᠎ᠡ ᠶᠢᠨ ᠵᠢᠩ᠃ ᠬᠡᠷᠡᠭᠯᠡᠬᠦ ᠠᠷᠭ᠎ᠠ᠄ ᠡᠳᠦᠷ ᠲᠤ 2 ᠤᠳᠠᠭ᠎ᠠ ᠪᠣᠯᠴᠢᠩ ᠳᠤ ᠲᠠᠷᠢᠨ᠎ᠠ᠃      4. ᠨᠢᠰᠲ᠋ᠠᠲ᠋ᠢᠨ ︵制霉菌素︶ ᠶᠢᠨ ᠵᠦᠬᠡᠯᠡᠨ ᠬᠠᠨᠳᠠ ︵10 ᠲᠦᠮᠡᠨ ᠨᠢᠭᠡᠴᠢ / ᠭᠷᠡᠮ︶᠃ ᠬᠡᠷᠡᠭᠯᠡᠬᠦ ᠠᠷᠭ᠎ᠠ᠄ ᠠᠮᠠᠨ ᠤ ᠳᠤᠲᠤᠷᠠᠬᠢ ᠡᠪᠡᠳᠴᠢᠨ ᠤ ᠬᠤᠪᠢᠷᠠᠯ ᠤᠨ ᠬᠡᠰᠡᠭ ᠲᠤ ᠲᠦᠷᠬᠢᠨ᠎ᠡ ︵ᠬᠦᠬᠡᠴᠦ ᠶᠢᠨ ᠴᠢᠨᠠᠷ ᠲᠠᠢ ᠠᠮᠠᠨ ᠤ ᠦᠷᠪᠢᠰᠦᠯ ᠳᠤ ᠲᠤᠬᠢᠷᠠᠨ᠎ᠠ︶᠃     5. ᠬᠠᠴᠢᠷᠯᠠᠭᠰᠠᠨ ᠸᠢᠲ᠋ᠠᠮᠢᠨ B ︵复合维生素B︶ 20~30 ᠬᠠᠪᠲᠠᠭᠠᠢ᠃ ᠬᠡᠷᠡᠭᠯᠡᠬᠦ ᠠᠷᠭ᠎ᠠ᠄ ᠡᠳᠦᠷ ᠲᠤ 1 ᠤᠳᠠᠭ᠎ᠠ ᠪᠠᠷ ᠦᠷᠭᠦᠯᠵᠢᠯᠡᠨ 3 ᠡᠳᠦᠷ ᠣᠯᠭᠤᠨ᠎ᠠ ︵ᠠᠮᠠᠨ ᠤ ᠤᠵᠢᠭ ᠦᠷᠪᠢᠰᠦᠯ︶᠃     6. ᠬᠦᠩᠭᠡᠨ ᠳᠤᠰᠤᠭᠰᠠᠨ ᠪᠣᠯ 2%~3% ᠶᠢᠨ ᠳᠠᠪᠤᠰᠤᠲᠠᠢ ᠤᠰᠤ ᠪᠠᠷ ᠠᠮᠠᠨ ᠬᠦᠨᠳᠡᠢ ᠶᠢ ᠨᠢ ᠵᠠᠶᠢᠯᠤᠨ᠎ᠠ᠃     7. 2%~3% ᠶᠢᠨ ᠨᠡᠭᠦᠷᠡᠰᠦ ᠬᠦᠴᠢᠯ ᠤᠨ ᠤᠰᠤᠳᠦ᠋ᠷᠦᠭᠴᠢᠲᠦ ᠨᠠᠳ᠋ᠷᠢ ︵碳酸氢钠︶ ᠶᠢᠨ ᠠᠭᠤᠰᠤᠮᠠᠯ ᠢᠶᠠᠷ ᠠᠮᠠᠨ ᠬᠦᠨᠳᠡᠢ ᠶᠢ ᠨᠢ ᠵᠠᠶᠢᠯᠤᠨ᠎ᠠ᠃     8. ᠬᠦᠨᠳᠦ ᠳᠤᠰᠤᠭᠰᠠᠨ ᠪᠣᠯ 0.1% ᠤᠨ ᠳᠡᠭᠡᠳᠦ ᠮᠠᠩᠭᠠᠨ ᠬᠦᠴᠢᠯ ᠤᠨ ᠺᠠᠯᠢ ︵高锰酸钾︶ ᠶᠢᠨ ᠠᠭᠤᠰᠤᠮᠠᠯ ᠢᠶᠠᠷ ᠠᠮᠠᠨ ᠬᠦᠨᠳᠡᠢ ᠶᠢ ᠨᠢ ᠵᠠᠶᠢᠯᠤᠨ᠎ᠠ᠃     9. ᠬᠦᠨᠳᠦ ᠳᠤᠰᠤᠭᠰᠠᠨ ᠪᠣᠯ 0.1% ᠶᠢᠨ ᠯᠧᠶᠢᠹᠤᠨᠦ᠋ᠯ ︵雷佛奴尔︶ ᠤᠨ ᠠᠭᠤᠰᠤᠮᠠᠯ ᠢᠶᠠᠷ ᠠᠮᠠᠨ ᠬᠦᠨᠳᠡᠢ ᠶᠢ ᠨᠢ ᠵᠠᠶᠢᠯᠤᠨ᠎ᠠ᠃     10. ᠰᠢᠯᠦᠰᠦ ᠬᠡᠳᠦ ᠠᠷᠪᠢᠨ ᠪᠣᠯ 2%~4% ᠶᠢᠨ ᠪᠣᠷ ᠬᠦᠴᠢᠯ ︵硼酸︶ ᠤᠨ ᠠᠭᠤᠰᠤᠮᠠᠯ ᠪᠣᠶᠣ 1%~2% ᠤᠨ ᠪᠠᠶᠢᠪᠠᠩ ᠤᠨ ᠠᠭᠤᠰᠤᠮᠠᠯ ᠢᠶᠠᠷ ᠠᠮᠠᠨ ᠬᠦᠨᠳᠡᠢ ᠶᠢ ᠨᠢ ᠵᠠᠶᠢᠯᠤᠨ᠎ᠠ᠃     11. 1%~5% ᠤᠨ ᠤᠭᠤᠷᠠᠭᠲᠤ ᠮᠦᠩᠭᠦ ︵蛋白银︶ ᠶᠢᠨ ᠠᠭᠤᠰᠤᠮᠠᠯ ᠲᠦᠷᠬᠢᠨ᠎ᠡ᠃     12. 0.2%~0.5% ᠤᠨ ᠠᠽᠤᠲ ᠬᠦᠴᠢᠯ ᠤᠨ ᠮᠦᠩᠭᠦ ︵硝酸银︶ ᠶᠢᠨ ᠠᠭᠤᠰᠤᠮᠠᠯ ᠲᠦᠷᠬᠢᠨ᠎ᠡ᠃     13. ᠳᠠᠭᠠᠭᠠᠮᠠᠭᠠᠢ ᠦᠢᠯᠡᠳᠦᠯᠲᠦ ᠬᠦᠬᠦᠷᠯᠢᠭ ᠠᠮᠢᠨ ︵长效磺胺︶ 10g᠂ ᠪᠠᠶᠢᠪᠠᠩ 3g ︵ᠲᠠᠯᠬ᠎ᠠ︶᠂ ᠠᠮᠲᠠᠯᠢᠭ ᠲᠤᠰᠤ ︵甘油︶ 50ml᠃ ᠬᠡᠷᠡᠭᠯᠡᠬᠦ ᠠᠷᠭ᠎ᠠ᠄ ᠵᠢᠭᠤᠷᠠᠭᠠᠳ ᠡᠪᠡᠳᠴᠢᠲᠠᠢ ᠬᠡᠰᠡᠭ ᠲᠤ ᠲᠦᠷᠬᠢᠨ᠎ᠡ᠃     14. ᠼᠣᠣ᠂ ᠴᠠᠭᠠᠨ ᠰᠢᠬᠢᠷ ᠢ ᠬᠤᠪᠢ ᠰᠠᠴᠠᠭᠤ ᠠᠪᠴᠤ ᠵᠢᠭᠤᠷᠠᠭᠠᠳ ᠡᠪᠡᠳᠴᠢᠲᠡᠢ ᠬᠡᠰᠡᠭ ᠲᠤ ᠡᠳᠦᠷ ᠲᠤ 1~2 ᠤᠳᠠᠭ᠎ᠠ ᠲᠦᠷᠬᠢᠨ᠎ᠡ᠃     15. ᠲᠠᠷᠪᠤᠰ ᠤᠨ ᠬᠠᠯᠢᠰᠤ ᠶᠢ ᠬᠡᠦᠷᠰᠢᠭᠦᠯᠦᠨ ᠲᠠᠯᠠᠭᠳᠠᠭᠠᠳ ᠡᠪᠡᠳᠴᠢᠲᠡᠢ ᠬᠡᠰᠡᠭ ᠲᠤ ᠲᠦᠷᠬᠢᠨ᠎ᠡ᠃     16. 2% ᠤᠨ ᠪᠠᠶᠢᠪᠠᠩ ᠤᠨ ᠠᠭᠤᠰᠤᠮᠠᠯ᠂ 10% ᠤᠨ ᠳᠠᠪᠤᠰᠤᠨ ᠠᠭᠤᠰᠤᠮᠠᠯ ᠪᠣᠶᠣ 2%~3% ᠶᠢᠨ ᠰᠤᠳᠠ ᠶᠢᠨ ᠠᠭᠤᠰᠤᠮᠠᠯ ᠢᠶᠠᠷ ᠡᠳᠦᠷ ᠲᠤ 2~3 ᠤᠳᠠᠭ᠎ᠠ ᠠᠮᠠᠨ ᠤ ᠰᠠᠯᠢᠰᠤᠲᠤ ᠪᠦᠷᠬᠦᠪᠴᠢ ᠶᠢ ᠤᠬᠢᠶᠠᠨ᠎ᠠ᠃     17. ᠨᠠᠷᠠᠨ ᠬᠤᠸᠠᠷ ᠤᠨ ᠡᠰᠢ ᠶᠢᠨ ᠴᠠᠭᠠᠨ ᠭᠤᠣᠯ ᠢ ᠰᠢᠲᠠᠭᠠᠭᠠᠳ ᠦᠨᠡᠰᠦ ᠶᠢ ᠨᠢ ᠮᠠᠭᠠᠵᠢ ᠶᠢᠨ ᠲᠤᠰᠤ ᠪᠠᠷ ᠵᠢᠭᠤᠷᠠᠵᠤ ᠡᠪᠡᠳᠴᠢᠲᠠᠢ ᠬᠡᠰᠡᠭ ᠲᠤᠨᠢ ᠡᠳᠦᠷ ᠲᠤ 2~3 ᠤᠳᠠᠭ᠎ᠠ ᠲᠦᠷᠬᠢᠨ᠎ᠡ᠃     18. ᠬᠢᠷᠠᠭᠤᠳᠠᠭᠰᠠᠨ ᠬᠠᠰᠢ ᠶᠢᠨ ᠡᠰᠢ ᠶᠢ ᠰᠡᠭᠦᠳᠡᠷ ᠲᠤ ᠬᠠᠲᠠᠭᠠᠵᠤ ᠲᠠᠯᠠᠭᠳᠠᠭᠠᠳ ᠠᠶᠢᠷᠠᠭ ᠢᠶᠠᠷ ᠵᠢᠭᠤᠷᠠᠵᠤ ᠡᠪᠡᠳᠴᠢᠲᠡᠢ ᠬᠡᠰᠡᠭ ᠲᠤᠨᠢ ᠡᠳᠦᠷ ᠲᠤ ᠭᠤᠷᠪᠠ ᠤᠳᠠᠭ᠎ᠠ ᠲᠦᠷᠬᠢᠨ᠎ᠡ᠃     19. ᠬᠡᠦᠷᠰᠢᠭᠦᠯᠦᠭᠰᠡᠨ ᠲᠠᠷᠪᠤᠰ ᠤᠨ ᠬᠠᠯᠢᠰᠤ 10 ᠬᠤᠪᠢ᠂ ᠰᠢᠯᠭᠠᠪᠤᠷ 1 ᠬᠤᠪᠢ ᠠᠪᠴᠤ ᠲᠠᠯᠠᠭᠳᠠᠭᠠᠳ ᠪᠠᠯ ᠢᠶᠠᠷ ᠵᠢᠭᠤᠷᠠᠵᠤ ᠡᠪᠡᠳᠴᠢᠲᠡᠢ ᠬᠡᠰᠡᠭ ᠲᠤᠨᠢ ᠡᠳᠦᠷ ᠲᠤ 2 ᠤᠳᠠᠭ᠎ᠠ ᠲᠦᠷᠬᠢᠨ᠎ᠡ᠃     20. ᠵᠣᠬᠢᠬᠤ ᠬᠡᠮᠵᠢᠶᠡᠨ ᠤ ᠭᠡᠵᠢᠭᠡ ᠶᠢ ᠰᠢᠲᠠᠭᠠᠭᠠᠳ ᠭᠠᠭ᠋ᠠᠢ ᠶᠢᠨ ᠲᠤᠰᠤ ᠪᠠᠷ ᠵᠢᠭᠤᠷᠠᠵᠤ ᠡᠪᠡᠳᠴᠢᠲᠡᠢ ᠬᠡᠰᠡᠭ ᠲᠤᠨᠢ ᠡᠳᠦᠷ ᠲᠤ 2 ᠤᠳᠠᠭ᠎ᠠ ᠲᠦᠷᠬᠢᠨ᠎ᠡ᠃     21. ᠬᠦᠮᠦᠨ ᠤ ᠰᠢᠭᠡᠰᠦᠨ ᠤ ᠴᠠᠭᠠᠨ ᠲᠤᠨᠤᠳᠠᠰᠤ ᠶᠢ 1 ᠬᠤᠪᠢ ᠠᠪᠴᠤ 5 ᠬᠤᠪᠢ ᠮᠠᠭᠠᠵᠢ ᠶᠢᠨ ᠲᠤᠰᠤ ᠪᠠᠷ ᠵᠢᠭᠤᠷᠠᠭᠠᠳ ᠡᠪᠡᠳᠴᠢᠲᠡᠢ ᠬᠡᠰᠡᠭ ᠲᠤᠨᠢ ᠡᠳᠦᠷ ᠲᠤ 1~2 ᠤᠳᠠᠭ᠎ᠠ ᠲᠦᠷᠬᠢᠨ᠎ᠡ᠃    22. ᠢᠮᠠᠭᠠᠨ ᠰᠠᠬᠠᠯ ᠤᠨ ᠦᠨᠡᠰᠦ 1 ᠬᠤᠪᠢ᠂ ᠢᠮᠠᠭᠠᠨ ᠡᠪᠡᠷ ᠤᠨ ᠦᠨᠡᠰᠦ 2 ᠬᠤᠪᠢ ᠠᠪᠴᠣ ᠲᠠᠯᠠᠭᠳᠠᠭᠠᠳ ᠤᠷᠭᠤᠮᠠᠯ ᠤᠨ ᠲᠤᠰᠤ ᠪᠠᠷ ᠵᠢᠭᠤᠷᠠᠵᠤ ᠡᠪᠡᠳᠴᠢᠲᠡᠢ ᠬᠡᠰᠡᠭ ᠲᠤᠨᠢ ᠡᠳᠦᠷ ᠲᠤ 3 ᠣᠳᠠᠭ᠎ᠠ ᠲᠦᠷᠬᠢᠨ᠎ᠡ᠃ ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号